﻿openKylin ᠬᠤᠪᠢ ᠵᠢᠨ ᠰᠤᠷᠠᠭ ᠵᠠᠩᠬᠢ ᠵᠢ ᠬᠠᠮᠠᠭᠠᠯᠠᠬᠤ ᠵᠢᠴᠢ ᠬᠤᠪᠢ ᠵᠢᠨ ᠨᠢᠭᠤᠴᠠ ᠵᠢᠨ ᠲᠥᠷᠥ ᠵᠢᠨ ᠪᠣᠳᠣᠯᠭ᠎ᠠ ᠵᠢᠨ ᠢᠯᠡᠷᠬᠡᠢᠯᠡᠯᠳᠡ

ᠡᠷᠬᠢᠮ ᠬᠦᠨᠳᠦᠳᠦ openKylin ᠬᠡᠷᠡᠭᠯᠡᠭᠴᠢᠳ ᠲᠤ᠌᠄
   ᠲᠠᠨ ᠤ᠋ ᠢᠳᠡᠬᠡᠯ ᠨᠠᠢᠳᠠᠪᠤᠷᠢ ᠮᠠᠨ ᠳ᠋ᠤ᠌ ᠮᠠᠰᠢ ᠴᠢᠬᠤᠯᠠ᠃ ᠪᠢᠳᠡ ᠬᠤᠪᠢ ᠵᠢᠨ ᠰᠤᠷᠠᠭ ᠵᠠᠩᠬᠢ ᠪᠠ ᠬᠤᠪᠢ ᠵᠢᠨ ᠨᠢᠭᠤᠴᠠ ᠵᠢ ᠬᠠᠮᠠᠭᠠᠯᠠᠬᠤ ᠵᠢ ᠮᠠᠰᠢ ᠴᠢᠬᠤᠯᠠᠴᠢᠯᠠᠨ ᠦᠵᠡᠳᠡᠭ᠃ ᠲᠠᠨ ᠤ᠋ ᠬᠤᠪᠢ ᠵᠢᠨ ᠨᠢᠭᠤᠴᠠ ᠲᠠᠢ ᠬᠣᠯᠪᠣᠭᠳᠠᠭᠰᠠᠨ ᠰᠤᠷᠠᠭ ᠵᠠᠩᠬᠢ ᠵᠢ ᠬᠠᠤᠯᠢ ᠵᠢᠨ ᠳᠠᠭᠠᠤ ᠵᠦᠢ ᠵᠤᠬᠢᠰᠳᠠᠢ ᠴᠤᠭᠯᠠᠭᠤᠯᠵᠤ᠂ ᠬᠠᠳᠠᠭᠠᠯᠠᠵᠤ᠂ ᠠᠰᠢᠭᠯᠠᠬᠤ ᠵᠢᠨ ᠳᠦᠯᠦᠬᠡ᠂ ᠮᠥᠨ ᠴᠤ᠌ ᠠᠶᠤᠯᠬᠦᠢ ᠡᠵᠡᠮᠳᠡᠵᠤ ᠪᠣᠯᠬᠤ ᠪᠠᠢᠳᠠᠯ ᠳᠤᠤᠷ᠎ᠡ ᠳᠠᠮᠵᠢᠭᠤᠯᠬᠤ ᠪᠤᠶᠤ ᠬᠠᠳᠠᠭᠠᠯᠠᠬᠤ ᠵᠢᠨ ᠲᠤᠯᠠᠳᠠ᠂openKylin ᠨᠡᠢᠭᠡᠮ ᠲᠣᠭᠣᠷᠢᠭ ( ᠴᠠᠭᠠᠰᠢᠳᠠ ᠪᠢᠳᠡ ᠬᠡᠵᠤ ᠳᠦᠬᠦᠮᠴᠢᠯᠡᠬᠦ) ᠲᠤ᠌《openKylin ᠬᠤᠪᠢ ᠵᠢᠨ ᠰᠤᠷᠠᠭ ᠵᠠᠩᠬᠢ ᠵᠢ ᠬᠠᠮᠠᠭᠠᠯᠠᠬᠤ ᠵᠢᠴᠢ ᠬᠤᠪᠢ ᠵᠢᠨ ᠨᠢᠭᠤᠴᠠ ᠵᠢᠨ ᠲᠥᠷᠥ ᠵᠢᠨ ᠪᠣᠳᠣᠯᠭ᠎ᠠ ᠵᠢᠨ ᠢᠯᠡᠷᠬᠡᠢᠯᠡᠯᠳᠡ》( ᠴᠠᠭᠠᠰᠢᠳᠠ ᠡᠨᠡᠬᠦ ᠢᠯᠡᠷᠬᠡᠢᠯᠡᠯᠳᠡ ᠬᠡᠵᠤ ᠳᠦᠬᠦᠮᠴᠢᠯᠡᠬᠦ) ᠵᠢ ᠭᠠᠷᠭᠠᠪᠠ᠃ ᠪᠢᠳᠡ ᠬᠠᠤᠯᠢ ᠳᠦᠷᠢᠮ᠂ ᠣᠯᠠᠨ ᠤᠯᠤᠰ ᠤ᠋ᠨ ᠪᠣᠯᠪᠠᠰᠤᠷᠠᠩᠭᠤᠢ ᠠᠶᠤᠯᠬᠦᠢ ᠵᠢᠨ ᠪᠠᠷᠢᠮᠵᠢᠶ᠎ᠠ ᠵᠢᠨ ᠱᠠᠭᠠᠷᠳᠠᠯᠭ᠎ᠠ ᠶᠣᠰᠣᠭᠠᠷ ᠲᠠᠨ ᠤ᠋ ᠬᠤᠪᠢ ᠵᠢᠨ ᠰᠤᠷᠠᠭ ᠵᠠᠩᠬᠢ ᠵᠢᠨ ᠠᠶᠤᠯᠬᠦᠢ ᠵᠢ ᠪᠠᠳᠤᠯᠠᠨ᠎ᠠ᠃
    ᠥᠪᠡᠷ ᠤ᠋ᠨ ᠵᠢᠨᠨ ᠬᠤᠪᠢ ᠵᠢᠨ ᠰᠤᠷᠠᠭ ᠵᠠᠩᠬᠢ ᠵᠢ ᠳᠤᠰᠢᠶᠠᠬᠤ ᠡᠴᠡ ᠡᠮᠦᠨ᠎ᠡ᠂ ᠲᠠ ᠡᠨᠡᠬᠦ ᠢᠯᠡᠷᠬᠡᠢᠯᠡᠯᠳᠡ ᠵᠢ ᠨᠠᠷᠢᠨ ᠤᠩᠰᠢᠭ᠋ᠠᠷᠠᠢ᠃ ᠬᠡᠷᠪᠡ ᠲᠠ ᠮᠠᠨ ᠤ᠋ ᠬᠤᠪᠢ ᠵᠢᠨ ᠰᠤᠷᠠᠭ ᠵᠠᠩᠬᠢ ᠵᠢ ᠰᠢᠢᠳᠪᠦᠷᠢᠯᠡᠬᠦ ᠠᠷᠭ᠎ᠠ ᠳ᠋ᠤ᠌ ᠰᠠᠨᠠᠯ ᠲᠠᠢ ᠪᠣᠯ᠂ ᠮᠠᠨ ᠲᠠᠢ ᠬᠣᠯᠪᠣᠭ᠎ᠠ ᠪᠠᠷᠢᠬᠤ ᠵᠢ ᠪᠠᠶᠠᠷᠯᠠᠨ ᠤᠭᠲᠤᠨ᠎ᠠ᠃
ᠡᠨᠡᠬᠦ ᠢᠯᠡᠷᠬᠡᠢᠯᠡᠯᠳᠡ ᠲᠠᠨ ᠳ᠋ᠤ᠌ ᠳᠤᠰᠠᠯᠠᠵᠤ ᠳᠠᠷᠠᠭᠠᠬᠢ ᠠᠰᠠᠭᠤᠳᠠᠯ ᠢ᠋ ᠤᠢᠯᠠᠭᠠᠭᠤᠯᠤᠨ᠎ᠠ᠄
ᠨᠢᠭᠡ᠂ ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠬᠢᠨ ᠴᠤᠭᠯᠠᠭᠤᠯᠵᠤ ᠠᠰᠢᠭᠯᠠᠬᠤ ᠲᠤᠬᠠᠢ
ᠬᠣᠶᠠᠷ᠂ ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠬᠢᠨ ᠬᠠᠮᠳᠤᠪᠠᠷ ᠬᠤᠪᠢᠶᠠᠯᠴᠠᠬᠤ᠂ ᠰᠢᠯᠵᠢᠬᠦᠯᠦᠨ ᠥᠭᠬᠦ᠂ ᠢᠯᠡ ᠨᠡᠢᠳᠡᠯᠡᠬᠦ ᠲᠤᠬᠠᠢ
ᠭᠤᠷᠪᠠ᠂ ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠬᠢᠨ ᠬᠠᠮᠠᠭᠠᠯᠠᠬᠤ ᠲᠤᠬᠠᠢ
ᠳᠦᠷᠪᠡ᠂ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠬᠢᠨ ᠬᠠᠮᠢᠶᠠᠷᠬᠤ ᠲᠤᠬᠠᠢ
ᠲᠠᠪᠤ᠂ ᠲᠠᠨ ᠤ᠋ ᠡᠷᠬᠡ
ᠵᠢᠷᠭᠤᠭ᠎ᠠ᠂Cookie ᠪᠤᠯᠤᠨ ᠳᠡᠬᠦᠨ ᠲᠠᠢ ᠢᠵᠢᠯ ᠳᠦᠰᠳᠡᠢ ᠮᠡᠷᠭᠡᠵᠢᠯ ᠢ᠋ ᠬᠡᠷᠬᠢᠨ ᠠᠰᠢᠭᠯᠠᠬᠤ ᠲᠤᠬᠠᠢ
 ᠳᠣᠯᠣᠭ᠎ᠠ᠂ ᠨᠠᠰᠤᠨ ᠳ᠋ᠤ᠌ ᠦᠯᠦ ᠬᠦᠷᠦᠭᠰᠡᠳ ᠤ᠋ᠨ ᠰᠤᠷᠠᠭ ᠵᠠᠩᠬᠢ ᠵᠢᠨ ᠲᠤᠬᠠᠢ ᠲᠤᠰᠬᠠᠢ ᠲᠤᠭᠳᠠᠭᠠᠯ
ᠨᠠᠢ᠍ᠮᠠ᠂ ᠡᠨᠡᠬᠦ ᠢᠯᠡᠷᠬᠡᠢᠯᠡᠯᠳᠡ ᠵᠢ ᠬᠡᠷᠬᠢᠨ ᠰᠢᠨᠡᠴᠢᠯᠡᠬᠦ
 ᠶᠢᠰᠦ᠂ ᠮᠠᠨ ᠲᠠᠢ ᠬᠡᠷᠬᠢᠨ ᠬᠠᠷᠢᠯᠴᠠᠬᠤ

ᠨᠢᠭᠡ᠂ ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠬᠢᠨ ᠴᠤᠭᠯᠠᠭᠤᠯᠵᠤ ᠠᠰᠢᠭᠯᠠᠬᠤ ᠲᠤᠬᠠᠢ
     ᠲᠠ openKylin ᠵᠢᠯᠣᠭᠣᠳᠬᠤ ᠰᠢᠰᠲ᠋ᠧᠮ ᠢ᠋ ᠠᠰᠢᠭᠯᠠᠬᠤ ᠶᠠᠪᠤᠴᠠ ᠳ᠋ᠤ᠌᠂ ᠲᠠᠨ ᠤ᠋ ᠦᠢᠯᠡᠴᠢᠯᠡᠬᠦᠯᠬᠦ ᠦᠶ᠎ᠡ ᠳ᠋ᠤ᠌ ᠪᠡᠨ ᠰᠠᠨᠠᠭᠠᠴᠢᠯᠠᠭ᠎ᠠ ᠲᠠᠢ ᠳᠤᠰᠢᠶᠠᠭᠰᠠᠨ ᠪᠤᠶᠤ ᠦᠢᠯᠡᠴᠢᠯᠡᠬᠡ ᠬᠦᠯᠢᠶᠡᠬᠦ ᠦᠶ᠎ᠡ ᠳ᠋ᠤ᠌ ᠪᠤᠢ ᠪᠣᠯᠤᠭᠰᠠᠨ ᠰᠤᠷᠠᠭ ᠵᠠᠩᠬᠢ ᠵᠢ ᠪᠢᠳᠡ ᠬᠤᠷᠢᠶᠠᠵᠤ ᠣᠯᠳᠠᠭ᠃ ᠡᠢᠮᠦᠷᠬᠦ ᠰᠤᠷᠠᠭ ᠵᠠᠩᠬᠢ ᠨᠢ ᠲᠠᠨ ᠤ᠋ ᠦᠢᠯᠡᠴᠢᠯᠡᠬᠡ ᠵᠢ ᠳᠠᠩᠰᠠᠯᠠᠭᠤᠯᠬᠤ ᠪᠠ ᠠᠰᠢᠭᠯᠠᠬᠤ ᠦᠶ᠎ᠡ ᠳ᠋ᠤ᠌ ᠴᠤᠭᠯᠠᠭᠤᠯᠤᠭᠳᠠᠳᠠᠭ ᠲᠤᠯᠠ᠂ ᠪᠢᠳᠡ ᠡᠨᠡᠬᠦ ᠢᠯᠡᠷᠬᠡᠢᠯᠡᠯᠳᠡ ᠳ᠋ᠤ᠌ ᠳᠤᠷᠠᠳᠤᠭᠰᠠᠨ ᠳᠠᠷᠠᠭᠠᠬᠢ ᠰᠤᠷᠠᠭ ᠵᠠᠩᠬᠢ ᠨᠤᠭᠤᠳ ᠢ᠋ ᠬᠣᠷᠢᠶᠠᠨ ᠴᠤᠭᠯᠠᠭᠤᠯᠤᠨ᠎ᠠ᠃ ᠪᠢᠳᠡ ᠮᠥᠨ ᠴᠤᠭᠯᠠᠭᠤᠯᠤᠭᠰᠠᠨ ᠰᠤᠷᠠᠭ ᠵᠠᠩᠬᠢ ᠵᠢᠨ ᠳᠦᠷᠦᠯ᠂ ᠢᠯᠡᠷᠬᠡᠢᠯᠡᠯᠳᠡ ᠳ᠋ᠤ᠌ ᠬᠣᠯᠪᠣᠭᠳᠠᠭᠰᠠᠨ ᠬᠠᠮᠢᠶᠠᠳᠠᠢ ᠨᠡᠷ᠎ᠡ ᠲᠣᠮᠢᠶ᠎ᠠ ᠵᠢ ᠨᠢᠬᠡᠳ ᠨᠢᠭᠡ ᠪᠡᠷ ᠳᠠᠢᠯᠪᠤᠷᠢᠯᠠᠵᠤ᠂ ᠲᠠᠨ ᠳ᠋ᠤ᠌ ᠨᠡᠩ ᠰᠠᠢᠨ ᠤᠢᠯᠠᠭᠠᠭᠤᠯᠬᠤ ᠪᠤᠯᠤᠨ᠎ᠠ᠃
1᠂ᠬᠤᠪᠢ ᠵᠢᠨ ᠰᠤᠷᠠᠭ ᠵᠠᠩᠬᠢ ᠵᠢ ᠴᠤᠭᠯᠠᠭᠤᠯᠬᠤ ᠪᠠᠢᠳᠠᠯ
openKylin ᠰᠢᠰᠲᠸᠮ ( ᠴᠠᠭᠠᠰᠢᠳᠠ ᠲᠤᠰ ᠰᠢᠰᠲ᠋ᠧᠮ ᠭᠡᠵᠤ ᠳᠦᠬᠦᠮᠴᠢᠯᠡᠬᠦ) ᠤ᠋ᠨ ᠳᠦᠪᠰᠢᠨ ᠳ᠋ᠤ᠌᠄
    1) ᠲᠤᠰ ᠰᠢᠰᠲ᠋ᠧᠮ ᠢ᠋ ᠤᠭᠰᠠᠷᠠᠬᠤ/ ᠰᠢᠨᠡᠴᠢᠯᠡᠬᠦ ᠦᠶ᠎ᠡ ᠳ᠋ᠤ᠌᠂ ᠬᠤᠪᠢ ᠵᠢᠨ ᠪᠡᠶ᠎ᠡ ᠵᠢᠨ ᠭᠠᠷᠤᠯ ᠵᠢᠡᠷ ᠪᠤᠰᠤ ᠢᠯᠭᠠᠨ ᠳᠠᠨᠢᠭᠰᠠᠨ ᠰᠢᠰᠲ᠋ᠧᠮ ᠤ᠋ᠨ ᠰᠤᠷᠠᠭ ᠵᠠᠩᠬᠢ ᠵᠢ ᠬᠣᠷᠢᠶᠠᠨ ᠴᠤᠭᠯᠠᠭᠤᠯᠵᠤ ᠮᠡᠳᠡᠨ᠎ᠡ᠂ ᠵᠢᠱ᠌ᠢᠶᠡᠯᠡᠪᠡᠯ᠄
    ᠰᠢᠰᠲ᠋ᠧᠮ ᠢ᠋ ᠰᠢᠨᠡᠴᠢᠯᠡᠬᠦ ᠦᠶ᠎ᠡ ᠳ᠋ᠤ᠌ ᠬᠣᠷᠢᠶᠠᠨ ᠴᠤᠭᠯᠠᠭᠤᠯᠬᠤ ᠱᠠᠭᠠᠷᠳᠠᠯᠭ᠎ᠠ ᠲᠠᠢ ᠰᠤᠷᠠᠭ ᠵᠠᠩᠬᠢ᠄ ᠪᠤᠷᠤᠭᠤ ᠺᠣᠳ᠋᠂ ᠤᠭᠰᠠᠷᠠᠬᠤ ᠢᠷᠡᠯᠳᠡ᠂ ᠤᠭᠰᠠᠷᠠᠬᠤ ᠪᠠᠭᠯᠠᠭᠠᠨ ᠤ᠋ ᠨᠡᠷ᠎ᠡ᠂ ᠤᠭᠰᠠᠷᠠᠬᠤ ᠠᠯᠬᠤᠮ ᠳᠠᠷᠠᠭ᠎ᠠ᠂ ᠤᠭᠰᠠᠷᠠᠬᠤ ᠪᠠᠢᠳᠠᠯ᠂ ᠪᠤᠷᠤᠭᠤᠳᠠᠭᠰᠠᠨ ᠳᠡᠯᠬᠡᠷᠡᠩᠬᠦᠢ ᠰᠤᠷᠠᠭ ᠵᠠᠩᠬᠢ᠂ ᠦᠢᠯᠡ ᠶᠠᠪᠤᠳᠠᠯ ᠤ᠋ᠨ id᠂ ᠪᠤᠷᠤᠭᠤ ᠰᠤᠷᠠᠭ ᠵᠠᠩᠬᠢ᠂ ᠳᠠᠮᠵᠢᠭᠤᠯᠬᠤ ᠳᠦᠷᠦᠯ ᠵᠡᠷᠬᠡ᠃
    ᠰᠢᠰᠲ᠋ᠧᠮ ᠢ᠋ ᠤᠭᠰᠠᠷᠠᠬᠤ ᠦᠶ᠎ᠡ ᠳ᠋ᠤ᠌ ᠬᠣᠷᠢᠶᠠᠨ ᠴᠤᠭᠯᠠᠭᠤᠯᠬᠤ ᠱᠠᠭᠠᠷᠳᠠᠯᠭ᠎ᠠ ᠲᠠᠢ ᠰᠤᠷᠠᠭ ᠵᠠᠩᠬᠢ᠄ ᠤᠭᠰᠠᠷᠠᠬᠤ ᠪᠠᠭᠯᠠᠭᠠᠨ ᠤ᠋ ᠬᠠᠭᠤᠴᠢᠨ ᠬᠡᠪᠯᠡᠯ ᠤ᠋ᠨ ᠳ᠋ᠤᠭᠠᠷ᠂ ᠪᠤᠷᠤᠭᠤ ᠺᠣᠳ᠋᠂ ᠤᠭᠰᠠᠷᠠᠬᠤ ᠪᠠᠭᠯᠠᠭᠠᠨ ᠤ᠋ ᠰᠢᠨ᠎ᠡ ᠬᠡᠪᠯᠡᠯ ᠤ᠋ᠨ ᠳ᠋ᠤᠭᠠᠷ᠂ ᠤᠭᠰᠠᠷᠠᠬᠤ ᠪᠠᠭᠯᠠᠭᠠᠨ ᠤ᠋ ᠨᠡᠷ᠎ᠡ᠂ ᠤᠭᠰᠠᠷᠠᠬᠤ ᠠᠯᠬᠤᠮ ᠳᠠᠷᠠᠭ᠎ᠠ᠂ ᠤᠭᠰᠠᠷᠠᠬᠤ ᠪᠠᠢᠳᠠᠯ᠂ ᠪᠤᠷᠤᠭᠤᠳᠠᠭᠰᠠᠨ ᠳᠡᠯᠬᠡᠷᠡᠩᠬᠦᠢ ᠰᠤᠷᠠᠭ ᠵᠠᠩᠬᠢ ᠵᠡᠷᠭᠡ᠃
     ᠰᠣᠹᠲ ᠤ᠋ᠨ ᠪᠠᠭᠯᠠᠭ᠎ᠠ ᠵᠢ ᠰᠢᠨᠡᠴᠢᠯᠡᠬᠦ ᠦᠶ᠎ᠡ ᠳ᠋ᠤ᠌ ᠬᠣᠷᠢᠶᠠᠨ ᠴᠤᠭᠯᠠᠭᠤᠯᠬᠤ ᠱᠠᠭᠠᠷᠳᠠᠯᠭ᠎ᠠ ᠲᠠᠢ ᠰᠤᠷᠠᠭ ᠵᠠᠩᠬᠢ᠄ ᠪᠤᠷᠤᠭᠤ ᠺᠣᠳ᠋᠂ ᠰᠢᠨᠡᠴᠢᠯᠡᠭᠰᠡᠨ ᠪᠠᠭᠯᠠᠭᠠᠨ ᠤ᠋ ᠨᠡᠷ᠎ᠡ᠂ ᠰᠢᠨᠡᠴᠢᠯᠡᠬᠦ ᠵᠠᠭᠪᠤᠷ᠂ ᠰᠢᠨᠡᠴᠢᠯᠡᠬᠦ ᠠᠯᠬᠤᠮ ᠳᠠᠷᠠᠭ᠎ᠠ᠂ ᠳᠡᠰ ᠳᠡᠪᠰᠢᠭᠰᠡᠨ ᠪᠠᠢᠳᠠᠯ ᠵᠡᠷᠭᠡ᠃
    2) ᠲᠤᠰ ᠰᠢᠰᠲᠸᠮ ᠤ᠋ᠨ ᠡᠵᠡᠮᠳᠡᠬᠦ ᠰᠠᠮᠪᠠᠷ᠎ᠠ ᠵᠢ ᠠᠰᠢᠭᠯᠠᠬᠤ ᠦᠶ᠎ᠡ ᠳ᠋ᠤ᠌ ᠵᠢᠯᠣᠭᠣᠳᠬᠤ᠂ ᠳᠡᠷᠢᠬᠦᠨ ᠨᠢᠭᠤᠷ ᠤ᠋ᠨ ᠵᠢᠯᠣᠭᠣᠳᠬᠤ᠂ ᠵᠡᠬᠦᠨ ᠲᠠᠯ᠎ᠠ ᠵᠢᠨ ᠰᠠᠮᠪᠠᠷ᠎ᠠ ᠵᠢᠨ ᠵᠢᠯᠣᠭᠣᠳᠬᠤ᠂ ᠳᠤᠬᠢᠷᠠᠭᠤᠯᠭ᠎ᠠ ᠵᠢᠨ ᠵᠢᠯᠣᠭᠣᠳᠬᠤ᠂ ᠰᠣᠩᠭᠣᠬᠤ ᠵᠢ ᠵᠢᠯᠣᠭᠣᠳᠬᠤ᠂ ᠬᠠᠢᠯᠳᠠ ᠵᠢ ᠵᠢᠯᠣᠭᠣᠳᠬᠤ᠂ ᠬᠠᠢᠯᠳᠠ ᠵᠢᠨ ᠳ᠋ᠦᠩ ᠬᠣᠭᠣᠰᠣᠨ ᠵᠡᠷᠭᠡ ᠵᠢ ᠳᠤᠪᠴᠢᠳᠠᠬᠤ ᠦᠶ᠎ᠡ ᠳ᠋ᠤ᠌᠂ ᠤᠭᠯᠤᠷᠭ᠎ᠠ ᠲᠣᠨᠣᠭ ᠤ᠋ᠨ ᠨᠡᠷᠡᠢᠳᠦᠯ᠂ ᠳᠤᠬᠢᠷᠠᠭᠤᠯᠭ᠎ᠠ ᠵᠢᠨ ᠨᠡᠷ᠎ᠡ᠂ ᠬᠡᠮᠵᠢᠭᠳᠡᠯᠳᠦ ᠮᠡᠳᠡᠭᠡ ᠵᠠᠩᠬᠢ ᠵᠢ ᠬᠣᠷᠢᠶᠠᠨ ᠴᠤᠭᠯᠠᠭᠤᠯᠬᠤ ᠱᠠᠭᠠᠷᠳᠠᠯᠭ᠎ᠠ ᠲᠠᠢ᠃
    3) ᠲᠤᠰ ᠰᠢᠰᠲ᠋ᠧᠮ ᠤ᠋ᠨ daq ᠳ᠋ᠠᠢᠲ᠋ᠠ ᠵᠢᠨ ᠬᠣᠷᠢᠶᠠᠨ ᠴᠤᠭᠯᠠᠭᠤᠯᠬᠤ ᠰᠤᠷᠠᠭ ᠵᠠᠩᠬᠢ ᠨᠢ ᠳᠤᠤᠷᠠᠬᠢ ᠮᠡᠳᠦ᠄
      ᠭᠤᠤᠯ ᠴᠢᠬᠤᠯᠠ ᠬᠠᠷᠳ᠋ᠸᠠᠢᠷ ᠪᠤᠯᠤᠨ ᠰᠣᠹᠲ ᠤ᠋ᠨ ᠰᠤᠷᠠᠭ ᠵᠠᠩᠬᠢ᠄ ᠬᠤᠳᠠ᠂ ᠤᠯᠤᠰ᠂ ᠮᠤᠵᠢ᠂ cpu ᠤ᠋ᠨ\ ᠵᠢᠨ ᠰᠢᠨᠵᠢ ᠳᠡᠮᠳᠡᠭ᠂ ᠳᠡᠯᠭᠡᠴᠡ ᠵᠢᠨ ᠲᠣᠨᠣᠭ ᠤ᠋ᠨ ᠰᠢᠨᠵᠢ ᠳᠡᠮᠳᠡᠭ᠂ ᠰᠦᠯᠵᠢᠶᠡᠨ ᠤ᠋ ᠳᠦᠷᠦᠯ᠂ ᠲᠤᠳᠤᠭᠠᠳᠤ ᠴᠦᠮ᠎ᠡ ᠵᠢᠨ ᠬᠡᠪᠯᠡᠯ᠂ os ᠤ᠋ᠨ\ ᠵᠢᠨ ᠨᠡᠢᠳᠡᠯᠡᠭᠰᠡᠨ id᠂ os ᠬᠡᠪᠯᠡᠯ ᠵᠡᠷᠭᠡ᠃
     ᠰᠣᠹᠲ ᠤ᠋ᠨ ᠣᠷᠴᠢᠨ ᠤ᠋ ᠰᠤᠷᠠᠭ ᠵᠠᠩᠬᠢ᠄ libjpeg ᠬᠡᠪᠯᠡᠯ᠂ cups ᠬᠡᠪᠯᠡᠯ᠂ python2 ᠬᠡᠪᠯᠡᠯ᠂ java ᠬᠡᠪᠯᠡᠯ᠂ python3 ᠬᠡᠪᠯᠡᠯ᠂ libjbig ᠬᠡᠪᠯᠡᠯ᠂ libpng ᠬᠡᠪᠯᠡᠯ᠂ ᠮᠠᠰᠢᠨ ᠤ᠋ id᠂ gcc ᠬᠡᠪᠯᠡᠯ᠂ ᠲᠤᠳᠤᠭᠠᠳᠤ ᠴᠦᠮ᠎ᠡ ᠵᠢᠨ ᠬᠡᠪᠯᠡᠯ᠂ gdb ᠬᠡᠪᠯᠡᠯ᠂ glibc ᠬᠡᠪᠯᠡᠯ᠂ grub ᠬᠡᠪᠯᠡᠯ᠂ daq ᠬᠡᠪᠯᠡᠯ᠂ qt4 ᠬᠡᠪᠯᠡᠯ᠂ qt5 ᠬᠡᠪᠯᠡᠯ
      ᠺᠣᠮᠫᠢᠦ᠋ᠲ᠋ᠧᠷ ᠤ᠋ᠨ ᠨᠡᠬᠡᠬᠡᠯᠳᠡ ᠲᠠᠢ ᠪᠠᠢᠬᠤ ᠦᠶ᠎ᠡ ᠵᠢᠨ ᠰᠤᠷᠠᠭ ᠵᠠᠩᠬᠢ᠄ ᠨᠡᠬᠡᠬᠡᠭᠰᠡᠨ ᠴᠠᠭ᠂ ᠬᠠᠭᠠᠭᠰᠠᠨ ᠴᠠᠭ᠂ ᠨᠡᠬᠡᠬᠡᠬᠦ ᠳ᠋ᠤ᠌ ᠬᠡᠷᠡᠭᠯᠡᠭᠰᠡᠨ ᠴᠠᠭ᠂ ᠬᠠᠭᠠᠬᠤ ᠳ᠋ᠤ᠌ ᠬᠡᠷᠡᠭᠯᠡᠭᠰᠡᠨ ᠴᠠᠭ᠂ ᠨᠡᠬᠡᠬᠡᠬᠦ ᠳ᠋ᠤ᠌ ᠬᠡᠷᠡᠭᠯᠡᠭᠰᠡᠨ ᠴᠠᠭ ( ᠨᠢᠭᠡᠴᠢ᠂ ᠰᠸᠺᠦ᠋ᠨ᠋ᠲ)᠂ ᠨᠡᠬᠡᠬᠡᠬᠦ ᠳ᠋ᠤ᠌ ᠬᠡᠷᠡᠭᠯᠡᠭᠰᠡᠨ ᠴᠠᠭ ( ᠨᠢᠭᠡᠴᠢ᠂ ᠰᠸᠺᠦ᠋ᠨ᠋ᠲ)
    4) ᠲᠤᠰ ᠰᠢᠰᠲ᠋ᠧᠮ ᠤ᠋ᠨ ᠡᠬᠢᠯᠡᠬᠦ ᠲᠣᠪᠶᠣᠭ ᠢ᠋ ᠵᠢᠯᠣᠭᠣᠳᠬᠤ ᠦᠶ᠎ᠡ ᠳ᠋ᠤ᠌ ᠬᠣᠷᠢᠶᠠᠨ ᠴᠤᠭᠯᠠᠭᠤᠯᠬᠤ ᠰᠤᠷᠠᠭ ᠵᠠᠩᠬᠢ᠄ ᠮᠤᠳᠦ᠋ᠯ ᠤ᠋ᠨ ᠨᠡᠷ᠎ᠡ᠂ ᠪᠤᠷᠤᠭᠤ ᠭᠠᠷᠭᠠᠯᠳᠠ᠂ ᠪᠤᠷᠤᠭᠤ ᠳᠡᠰ᠂ ᠴᠢᠳᠠᠪᠬᠢ ᠵᠢᠨ ᠲᠣᠭᠠᠯᠠᠯᠭ᠎ᠠ᠂ ᠬᠦᠢᠴᠡᠳᠬᠡᠬᠦ ᠴᠢᠳᠠᠪᠬᠢ ᠵᠡᠷᠭᠡ᠃
    5) ᠲᠤᠰ ᠰᠢᠰᠲ᠋ᠧᠮ ᠤ᠋ᠨ ᠬᠠᠵᠠᠭᠤ ᠵᠢᠨ ᠰᠠᠮᠪᠠᠷ᠎ᠠ ᠵᠢ ᠵᠢᠯᠣᠭᠣᠳᠬᠤ ᠦᠶ᠎ᠡ ᠳ᠋ᠤ᠌ ᠬᠣᠷᠢᠶᠠᠨ ᠴᠤᠭᠯᠠᠭᠤᠯᠬᠤ ᠰᠤᠷᠠᠭ ᠵᠠᠩᠬᠢ᠄ ᠮᠤᠳᠦ᠋ᠯ ᠤ᠋ᠨ ᠨᠡᠷ᠎ᠡ᠂ ᠪᠤᠷᠤᠭᠤ ᠭᠠᠷᠭᠠᠯᠳᠠ᠂ ᠪᠤᠷᠤᠭᠤ ᠳᠡᠰ᠂ ᠴᠢᠳᠠᠪᠬᠢ ᠵᠢᠨ ᠲᠣᠭᠠᠯᠠᠯᠭ᠎ᠠ᠂ ᠬᠦᠢᠴᠡᠳᠬᠡᠬᠦ ᠴᠢᠳᠠᠪᠬᠢ ᠵᠡᠷᠭᠡ᠃
    6) ᠲᠤᠰ ᠰᠢᠰᠲ᠋ᠧᠮ ᠤ᠋ᠨ ᠺᠡᠮᠸᠷᠠ᠂ ᠭᠠᠷ ᠤᠳᠠᠰᠤᠨ ᠤ᠋ ᠳᠤᠰᠠᠯᠠᠭᠴᠢ᠂ ᠵᠢᠷᠤᠭ ᠦᠵᠡᠬᠦ᠂ ᠫᠷᠢᠨᠳᠡᠯᠡᠬᠦ᠂ ᠲᠤᠭᠠᠴᠠᠯᠠᠭᠤᠷ᠂ ᠰᠢᠩᠭᠡᠬᠡᠬᠦ᠂ ᠦᠰᠦᠭ ᠤ᠋ᠨ ᠲᠢᠭ᠌ ᠤ᠋ᠨ ᠦᠵᠡᠭᠦᠷ᠂ ᠳᠡᠯᠭᠡᠴᠡ ᠵᠢᠨ ᠲᠣᠨᠣᠭ ᠤ᠋ᠨ ᠡᠵᠡᠮᠳᠡᠬᠦᠷ᠂ ᠳᠠᠮᠵᠢᠭᠤᠯᠬᠤ᠂ ᠦᠢᠯᠡᠴᠢᠯᠡᠬᠡ ᠬᠢᠭᠡᠳ ᠮᠡᠷᠭᠡᠵᠢᠯ ᠤ᠋ᠨ ᠳᠡᠮᠵᠢᠯᠭᠡ᠂ ᠰᠦᠯᠵᠢᠶ᠎ᠡ ᠪᠠᠢᠴᠠᠭᠠᠬᠤ ᠪᠠᠭᠠᠵᠢ᠂ ᠴᠠᠭ ᠠᠭᠤᠷ᠂ ᠬᠠᠮᠢᠶᠠᠷᠤᠯᠳᠠ᠂ ᠰᠢᠷᠪᠢᠬᠦ᠂ ᠯᠠᠨᠶᠠ ᠵᠡᠷᠭᠡ ᠴᠢᠳᠠᠪᠬᠢ ᠨᠢ ᠬᠠᠷᠠᠭᠠᠯᠵᠠᠭᠰᠠᠨ ᠬᠦᠷᠦᠯᠴᠡᠬᠦ ᠬᠥᠳᠡᠯᠭᠡᠭᠡᠨ ᠤ᠋ ᠬᠡᠮᠵᠢᠭᠳᠡᠯ᠂ ᠹᠦᠩᠼ ᠤ᠋ᠨ ᠰᠢᠯᠵᠢᠬᠦᠯᠦᠨ ᠬᠡᠷᠡᠭᠯᠡᠬᠦ ᠳᠡᠮᠳᠡᠭ ᠬᠢᠭᠡᠳ ᠰᠤᠷᠠᠭ ᠵᠠᠩᠬᠢ᠃
    7) ᠲᠤᠰ ᠰᠢᠰᠲ᠋ᠧᠮ ᠤ᠋ᠨ ᠰᠣᠹᠲ ᠤ᠋ᠨ ᠳᠡᠯᠭᠡᠬᠦᠷ ᠢ᠋ ᠬᠡᠷᠡᠭᠯᠡᠬᠦ ᠶᠠᠪᠤᠴᠠ ᠳ᠋ᠤ᠌᠂ ᠳᠠᠷᠠᠭᠠᠬᠢ ᠠᠵᠢᠯᠯᠠᠭ᠎ᠠ ᠪᠡᠷ ᠬᠣᠷᠢᠶᠠᠨ ᠴᠤᠭᠯᠠᠭᠤᠯᠬᠤ ᠱᠠᠭᠠᠷᠳᠠᠯᠭ᠎ᠠ ᠲᠠᠢ ᠰᠤᠷᠠᠭ ᠵᠠᠩᠬᠢ᠄
ᠤᠭᠰᠠᠷᠠᠬᠤ ᠶᠠᠪᠤᠴᠠ ᠳ᠋ᠤ᠌
     ᠤᠭᠰᠠᠷᠠᠭᠰᠠᠨ ᠰᠣᠹᠲ ᠤ᠋ᠨ ᠨᠡᠷ᠎ᠡ᠂ ᠨᠡᠢᠭᠡᠮ ᠲᠣᠭᠣᠷᠢᠭ ᠤ᠋ᠨ ID ᠰᠤᠷᠠᠭ ᠵᠠᠩᠬᠢ ( ᠨᠡᠢᠭᠡᠮ ᠲᠣᠭᠣᠷᠢᠭ ᠤ᠋ᠨ ID ᠳ᠋ᠤ᠌ ᠨᠡᠪᠳᠡᠷᠡᠬᠦ ᠴᠢᠬᠤᠯᠠ ᠲᠠᠢ)
ᠪᠠᠭᠤᠯᠭᠠᠬᠤ ᠶᠠᠪᠤᠴᠠ ᠳ᠋ᠤ᠌
     ᠪᠠᠭᠤᠯᠭᠠᠭᠰᠠᠨ ᠰᠣᠹᠲ ᠤ᠋ᠨ ᠨᠡᠷ᠎ᠡ᠂ ᠨᠡᠢᠭᠡᠮ ᠲᠣᠭᠣᠷᠢᠭ ᠤ᠋ᠨ ID ᠰᠤᠷᠠᠭ ᠵᠠᠩᠬᠢ (ᠨᠡᠢᠭᠡᠮ ᠲᠣᠭᠣᠷᠢᠭ ᠤ᠋ᠨ ID ᠳ᠋ᠤ᠌ ᠨᠡᠪᠳᠡᠷᠡᠬᠦ ᠴᠢᠬᠤᠯᠠ ᠲᠠᠢ)
 ᠳᠡᠯᠭᠡᠭᠦᠷ ᠤ᠋ᠨ ᠬᠡᠷᠡᠭᠯᠡᠭᠴᠢ ᠵᠢᠨ ᠦᠵᠦᠬᠦᠷ ᠢ᠋ ᠬᠥᠳᠡᠯᠭᠡᠬᠦ ᠳ᠋ᠤ᠌
     ᠬᠥᠳᠡᠯᠭᠡᠬᠦ ᠴᠠᠭ᠂ ᠰᠢᠰᠲ᠋ᠧᠮ ᠤ᠋ᠨ ᠬᠡᠪᠯᠡᠯ᠂ ᠳᠡᠯᠭᠡᠭᠦᠷ ᠤ᠋ᠨ ᠬᠡᠪᠯᠡᠯ
ᠬᠠᠢᠯᠳᠠ ᠵᠢ ᠵᠢᠯᠣᠭᠣᠳᠬᠤ ᠳ᠋ᠤ᠌
     ᠵᠠᠩᠬᠢᠯᠠᠭ᠎ᠠ ᠵᠢᠨ ᠦᠭᠡ ᠬᠠᠢᠬᠤ᠂ ᠰᠢᠰᠲ᠋ᠧᠮ ᠤ᠋ᠨ ᠪᠦᠳᠦᠴᠡ
ᠵᠠᠷ ᠮᠡᠳᠡᠭᠡ ᠵᠢ ᠵᠢᠯᠣᠭᠣᠳᠬᠤ (V4 ᠬᠡᠪᠯᠡᠯ) ᠳ᠋ᠤ᠌
       ᠵᠠᠷ ᠮᠡᠳᠡᠭᠡᠨ ᠤ᠋ ᠨᠡᠷ᠎ᠡ᠂ ᠵᠠᠷ ᠮᠡᠳᠡᠭᠡ ᠵᠢ ᠢᠯᠡ ᠪᠣᠯᠭᠠᠬᠤ
   8) ᠲᠤᠰ ᠰᠢᠰᠲᠸᠮ ᠤ᠋ᠨ ᠰᠢᠩᠭᠡᠭᠡᠬᠦ ᠴᠢᠳᠠᠪᠬᠢ ᠵᠢ ᠬᠡᠷᠡᠭᠯᠡᠬᠦ ᠦᠶ᠎ᠡ ᠳ᠋ᠤ᠌᠂ ᠵᠥᠪᠬᠡᠨ ᠲᠠᠨ ᠤ᠋ ᠰᠢᠩᠭᠡᠭᠡᠬᠦ ᠦᠶ᠎ᠡ ᠵᠢᠨ ᠰᠢᠩᠬᠡᠬᠡᠯᠳᠡ ᠵᠢᠨ ᠠᠭᠤᠯᠭ᠎ᠠ ᠵᠢ ᠲᠤᠰ ᠺᠣᠮᠫᠢᠦ᠋ᠲ᠋ᠧᠷ ᠲᠤ᠌ ᠬᠠᠳᠠᠭᠠᠯᠠᠵᠤ᠂ ᠬᠣᠷᠢᠶᠠᠨ ᠴᠤᠭᠯᠠᠭᠤᠯᠬᠤ ᠪᠤᠶᠤ ᠳᠠᠮᠵᠢᠭᠤᠯᠬᠤ ᠥᠬᠡᠢ᠃
     ᠳᠡᠭᠡᠷ᠎ᠡ ᠳᠤᠷᠠᠳᠤᠭᠰᠠᠨ ᠲᠤᠰ ᠰᠢᠰᠲ᠋ᠧᠮ ᠤ᠋ᠨ ᠬᠣᠷᠢᠶᠠᠨ ᠴᠤᠭᠯᠠᠭᠤᠯᠤᠭᠰᠠᠨ ᠬᠠᠮᠢᠶᠠᠳᠠᠢ ᠰᠤᠷᠠᠭ ᠵᠠᠩᠬᠢ ᠵᠢ ᠶᠡᠷᠦᠳᠡᠭᠡᠨ ᠡᠯ᠎ᠡ ᠴᠢᠳᠠᠪᠬᠢ ᠵᠢᠨ ᠬᠠᠷᠠᠭᠠᠯᠵᠠᠭᠰᠠᠨ ᠦᠢᠯᠡᠴᠢᠯᠡᠭᠡᠨ ᠤ᠋ ᠦᠵᠦᠬᠦᠷᠯᠢᠭ ᠤ᠋ᠨ ᠰᠢᠰᠲ᠋ᠧᠮ ᠤ᠋ᠨ ᠡᠳᠦᠷ ᠤ᠋ᠨ ᠳᠡᠮᠳᠡᠭᠯᠡᠯ ᠳ᠋ᠤ᠌ ᠲᠡᠮᠳᠡᠭᠯᠡᠨ ᠦᠯᠡᠳᠡᠭᠡᠨ᠎ᠡ᠃ ᠪᠤᠳᠠᠳᠠᠢ ᠬᠠᠳᠠᠭᠠᠯᠠᠬᠤ ᠪᠠᠢᠷᠢ ᠨᠢ ᠠᠳᠠᠯᠢ ᠪᠤᠰᠤ ᠦᠢᠯᠡᠴᠢᠯᠡᠭᠡᠨ ᠤ᠋ ᠣᠷᠴᠢᠨ ᠡᠴᠡ ᠪᠣᠯᠵᠤ ᠬᠤᠪᠢᠷᠠᠯᠳᠠ ᠲᠠᠢ ᠪᠠᠢᠵᠤ ᠮᠡᠳᠡᠨ᠎ᠡ᠃
openKylinᠨᠡᠢᠭᠡᠮ ᠲᠣᠭᠣᠷᠢᠭ ( ᠴᠠᠭᠠᠰᠢᠳᠠ ᠲᠤᠰ ᠨᠡᠢᠭᠡᠮ ᠲᠣᠭᠣᠷᠢᠭ ᠭᠡᠵᠤ ᠳᠦᠬᠦᠮᠴᠢᠯᠡᠬᠦ) ᠤ᠋ᠨ ᠳᠦᠪᠰᠢᠨ ᠳ᠋ᠤ᠌᠄
     ᠬᠡᠷᠪᠡ ᠲᠠ ᠵᠥᠪᠬᠡᠨ openKylin ᠨᠡᠢᠭᠡᠮ ᠲᠣᠭᠣᠷᠢᠭ ᠤ᠋ᠨ ᠠᠯᠪᠠᠨ ᠰᠦᠯᠵᠢᠶᠡᠨ ᠤ᠋ ᠡᠩ ᠤ᠋ᠨ ᠠᠭᠤᠯᠭ᠎ᠠ ᠵᠢ ᠦᠵᠡᠬᠦ ᠳ᠋ᠤ᠌ ᠬᠦᠷᠪᠡᠯ᠂ ᠲᠠᠨ ᠤ᠋ ᠬᠤᠪᠢ ᠵᠢᠨ ᠰᠤᠷᠠᠭ ᠵᠠᠩᠬᠢ ᠪᠡᠨ ᠳᠤᠰᠢᠶᠠᠬᠤ ᠵᠢ ᠪᠢᠳᠡ ᠱᠠᠭᠠᠷᠳᠠᠬᠤ ᠥᠬᠡᠢ᠂ ᠬᠡᠪᠡᠴᠤ ᠳᠠᠷᠠᠭᠠᠬᠢ ᠪᠠᠢᠳᠠᠯ ᠳ᠋ᠤ᠌ ᠪᠢᠳᠡ ᠲᠠᠨ ᠤ᠋ ᠬᠠᠷᠠᠭᠠᠯᠵᠠᠭᠰᠠᠨ ᠰᠤᠷᠠᠭ ᠵᠠᠩᠬᠢ ᠵᠢ ᠬᠣᠷᠢᠶᠠᠨ ᠴᠤᠭᠯᠠᠭᠤᠯᠤᠨ᠎ᠠ᠄
    1) ᠳᠠᠩᠰᠠᠨ ᠤ᠋ ᠦᠢᠯᠡᠴᠢᠯᠡᠬᠡ᠃ ᠲᠤᠰ ᠨᠡᠢᠭᠡᠮ ᠲᠣᠭᠣᠷᠢᠭ ᠲᠤ᠌ ID ᠵᠢ ᠪᠠᠳᠤᠯᠠᠭᠠᠵᠢᠭᠤᠯᠬᠤ ᠦᠢᠯᠡᠴᠢᠯᠡᠬᠡ ᠬᠠᠩᠭᠠᠬᠤ ᠦᠶ᠎ᠡ ᠳ᠋ᠤ᠌᠂ ᠨᠢᠭᠡᠳᠦᠯᠳᠡᠢ ᠨᠡᠢᠭᠡᠮ ᠲᠣᠭᠣᠷᠢᠭ ᠤ᠋ᠨ ᠪᠡᠶ᠎ᠡ ᠵᠢᠨ ᠭᠠᠷᠤᠯ ᠬᠢᠬᠡᠳ ᠡᠷᠬᠡ ᠵᠢ ᠬᠠᠩᠭᠠᠬᠤ ᠵᠢᠨ ᠲᠥᠯᠥᠭᠡ᠂ ᠲᠤᠰ ᠨᠡᠢᠭᠡᠮ ᠲᠣᠭᠣᠷᠢᠭ ᠲᠤ᠌ ᠳᠠᠩᠰᠠ ᠪᠦᠷᠢᠳᠬᠡᠬᠦᠯᠬᠦ ᠦᠶ᠎ᠡ ᠳ᠋ᠤ᠌ ᠪᠢᠳᠡ ᠲᠠᠨ ᠤ᠋ ᠢᠮᠸᠯ ᠬᠠᠶᠢᠭ ᠪᠤᠶᠤ ᠭᠠᠷ ᠤᠳᠠᠰᠤᠨ ᠤ᠋ ᠳ᠋ᠤᠭᠠᠷ ᠢ᠋ ᠠᠪᠴᠤ ᠬᠠᠷᠭᠤᠭᠤᠯᠤᠨ ᠪᠠᠳᠤᠯᠠᠬᠤ ᠳ᠋ᠤ᠌ ᠠᠰᠢᠭᠯᠠᠨ᠎ᠠ᠃ ᠲᠠᠨ ᠤ᠋ Gitee ᠳᠠᠩᠰᠠᠨ ᠵᠢ ᠴᠤᠭᠯᠠᠭᠤᠯᠵᠤ ᠨᠡᠢᠭᠡᠮ ᠲᠣᠭᠣᠷᠢᠭ ᠤ᠋ᠨ ᠺᠣᠳ᠋ ᠢ᠋ ᠨᠠᠢᠳᠠᠨ ᠬᠠᠮᠢᠶᠠᠷᠤᠭᠤᠯᠬᠤ ᠳᠠᠪᠴᠠᠩ ᠤ᠋ᠨ ᠡᠷᠬᠡ ᠵᠢᠨ ᠬᠠᠮᠢᠶᠠᠷᠤᠯᠳᠠ ᠳ᠋ᠤ᠌ ᠠᠰᠢᠭᠯᠠᠨ᠎ᠠ᠃ ᠪᠢᠳᠡ ᠪᠠᠰᠠ ᠲᠠᠨ ᠤ᠋ ᠬᠤᠪᠢ ᠵᠢᠨ ᠰᠤᠷᠠᠭ ᠵᠠᠩᠬᠢ ᠪᠡᠷ ᠲᠠᠨ ᠤ᠋ ᠨᠡᠢᠭᠡᠮ ᠲᠣᠭᠣᠷᠢᠭ ᠲᠡᠬᠢ ᠪᠡᠶ᠎ᠡ ᠵᠢᠨ ᠭᠠᠷᠤᠯ ᠢ᠋ ᠢᠯᠭᠠᠨ ᠳᠠᠨᠢᠵᠤ᠂ ᠡᠨᠡ ᠦᠨᠳᠦᠰᠦᠨ ᠳᠡᠭᠡᠷ᠎ᠡ ᠳ᠋ᠠᠢᠲ᠋ᠠ ᠳ᠋ᠤ᠌ ᠲᠣᠭ᠎ᠠ ᠪᠦᠷᠢᠳᠬᠡᠯ ᠬᠢᠵᠤ᠂ ᠲᠠᠨ ᠤ᠋ ᠲᠤᠰ ᠨᠡᠢᠭᠡᠮ ᠲᠣᠭᠣᠷᠢᠭ ᠲᠡᠬᠢ ᠦᠢᠯᠡ ᠠᠵᠢᠯᠯᠠᠭ᠎ᠠ ᠵᠢ ᠤᠯᠠᠮ ᠨᠢᠭᠡ ᠠᠯᠬᠤᠮ ᠤᠢᠯᠠᠭᠠᠬᠤ ᠪᠤᠯᠤᠨ᠎ᠠ᠃
    2)ᠬᠤᠪᠢ ᠨᠡᠮᠡᠷᠢ ᠦᠵᠡᠬᠦᠯᠦᠭᠴᠢ ᠬᠡᠯᠡᠯᠴᠡᠭᠡᠷ ᠲᠤ᠌ ᠭᠠᠷ ᠤ᠋ᠨ ᠦᠰᠦᠭ ᠵᠢᠷᠤᠬᠤ᠃ ᠲᠠ ᠬᠤᠪᠢ ᠨᠡᠮᠡᠷᠢ ᠦᠵᠡᠬᠦᠯᠦᠭᠴᠢ ᠵᠢᠨ ᠵᠥᠪᠰᠢᠶᠡᠷᠡᠯ ᠤ᠋ᠨ ᠬᠡᠯᠡᠯᠴᠡᠭᠡᠷ ( ᠳᠦᠬᠦᠮᠴᠢᠯᠡᠭᠡᠳ CLA ᠭᠡᠬᠦ) ᠲᠤ᠌ ᠰᠢᠰᠲ᠋ᠧᠮ ᠤ᠋ᠨ ᠺᠣᠳ᠋ ᠪᠢᠴᠢᠬᠦ ᠳ᠋ᠤ᠌ ᠬᠤᠪᠢ ᠨᠡᠮᠡᠷᠢ ᠣᠷᠣᠭᠤᠯᠬᠤ ᠪᠡᠷ ᠭᠠᠷ ᠤ᠋ᠨ ᠵᠢᠷᠤᠬᠤ ᠦᠶ᠎ᠡ ᠳ᠋ᠤ᠌᠂ CLA ᠭᠠᠷ ᠤ᠋ᠨ ᠦᠰᠦᠭ ᠵᠢᠷᠤᠬᠤ ᠰᠢᠰᠲ᠋ᠧᠮ  ᠵᠢᠡᠷ ᠬᠠᠮᠢᠶᠠᠳᠠᠢ ᠬᠤᠪᠢ ᠵᠢᠨ ᠰᠤᠷᠠᠭ ᠵᠠᠩᠬᠢ ᠪᠡᠨ ᠳᠤᠰᠢᠶᠠᠬᠤ ᠴᠢᠬᠤᠯᠠᠳᠠᠢ ᠪᠠᠢᠳᠠᠭ᠃ ᠪᠢᠳᠡ ᠡᠳᠡᠭᠡᠷ ᠰᠤᠷᠠᠭ ᠵᠠᠩᠬᠢ ᠵᠢ ᠬᠣᠷᠢᠶᠠᠨ ᠠᠪᠴᠤ ᠲᠠᠨ ᠤ᠋ CLA ᠬᠡᠯᠡᠯᠴᠡᠭᠡᠷ ᠲᠤ᠌ ᠭᠠᠷ ᠤ᠋ᠨ ᠦᠰᠦᠭ ᠵᠢᠷᠤᠭᠰᠠᠨ ᠡᠰᠡᠬᠦ ᠵᠢ ᠪᠠᠳᠤᠯᠠᠭᠠᠵᠢᠭᠤᠯᠬᠤ ᠳ᠋ᠤ᠌ ᠠᠰᠢᠭᠯᠠᠨ᠎ᠠ᠃ ᠮᠥᠨ ᠬᠤᠪᠢ ᠨᠡᠮᠡᠷᠢ ᠵᠢᠨ ᠲᠣᠭ᠎ᠠ ᠪᠦᠷᠢᠳᠬᠡᠯ ᠢ᠋ ᠵᠠᠳᠠᠯᠬᠤ ᠳ᠋ᠤ᠌ ᠠᠰᠢᠭᠯᠠᠵᠤ᠂ ᠨᠡᠢᠭᠡᠮ ᠲᠣᠭᠣᠷᠢᠭ ᠤ᠋ᠨ ᠳ᠋ᠠᠢᠲ᠋ᠠ ᠵᠢᠨ ᠰᠠᠮᠪᠠᠷ᠎ᠠ ᠵᠢ ᠪᠤᠢ ᠪᠤᠯᠭᠠᠨ᠎ᠠ᠃ ᠲᠠ CLA ᠭᠠᠷ ᠤ᠋ᠨ ᠦᠰᠦᠭ ᠵᠢᠷᠤᠬᠤ ᠰᠢᠰᠲ᠋ᠧᠮ  ᠵᠢᠡᠷ ᠭᠠᠷ ᠤ᠋ᠨ ᠦᠰᠦᠭ ᠵᠢᠷᠤᠭᠰᠠᠨ CLA ᠵᠢ\ ᠢ᠋ pdf ᠬᠡᠯᠪᠡᠷᠢ ᠪᠡᠷ contact@openkylin.top ᠢᠮᠸᠯ ᠬᠠᠶᠢᠭ ᠵᠢᠡᠷ ᠢᠯᠡᠭᠡᠭᠰᠡᠨ ᠪᠣᠯ᠂ ᠪᠢᠳᠡ ᠲᠠᠨ ᠤ᠋ ᠬᠤᠪᠢ ᠵᠢᠨ ᠰᠤᠷᠠᠭ ᠵᠠᠩᠬᠢ ᠵᠢ ᠠᠭᠤᠯᠤᠭᠰᠠᠨ CLA ᠵᠢ\ ᠢ᠋ ᠳᠠᠩᠰᠠᠯᠠᠵᠤ᠂ ᠲᠠᠨ ᠤ᠋ ᠲᠤᠰ ᠨᠡᠢᠭᠡᠮ ᠲᠣᠭᠣᠷᠢᠭ ᠲᠤ᠌ ᠣᠷᠣᠭᠤᠯᠤᠭᠰᠠᠨ ᠬᠤᠪᠢ ᠨᠡᠮᠡᠷᠢ ᠵᠢᠨ ᠠᠭᠤᠯᠭ᠎ᠠ ᠪᠡᠷ ᠦᠵᠡᠵᠤ ᠲᠠᠨ ᠳ᠋ᠤ᠌ ᠵᠥᠪᠰᠢᠶᠡᠷᠡᠯ ᠤ᠋ᠨ ᠦᠨᠡᠮᠯᠡᠯ ᠣᠯᠭᠣᠨ᠎ᠠ᠃ ᠬᠡᠷᠪᠡ ᠲᠠ ᠬᠤᠪᠢ ᠬᠥᠮᠦᠨ ᠪᠤᠶᠤ ᠠᠵᠤ ᠠᠬᠤᠢᠯᠠᠯ ᠤ᠋ᠨ ᠠᠵᠢᠯᠳᠠᠨ ᠪᠣᠯ  ᠪᠢᠳᠡ ᠲᠠᠨ ᠤ᠋ ᠢᠮᠸᠯ ᠵᠢᠡᠷ ᠢᠯᠡᠭᠡᠭᠰᠡᠨ CLA ᠡᠴᠡ Gitee、Gitlink、Github ᠵᠡᠷᠭᠡ ᠵᠢᠨ ID ᠳᠠᠩᠰᠠ ᠵᠢ ᠴᠤᠭᠯᠠᠭᠤᠯᠵᠤ ᠲᠠᠨ ᠲᠠᠢ ᠬᠠᠷᠢᠯᠴᠠᠨ᠎ᠠ᠃ ᠬᠡᠷᠪᠡ ᠲᠠ ᠠᠵᠤ ᠠᠬᠤᠢᠯᠠᠯ ᠢ᠋ ᠳᠦᠯᠦᠭᠡᠯᠡᠵᠤ CLA ᠬᠡᠯᠡᠯᠴᠡᠭᠡᠷ ᠲᠤ᠌ ᠭᠠᠷ ᠤ᠋ᠨ ᠦᠰᠦᠭ ᠵᠢᠷᠤᠭᠰᠠᠨ ᠪᠣᠯ᠂ ᠪᠢᠳᠡ ᠲᠠᠨ ᠤ᠋ ᠢᠯᠡᠭᠡᠭᠰᠡᠨ CLA ᠡᠴᠡ ᠲᠠᠨ ᠤ᠋ ᠨᠡᠷ᠎ᠡ᠂ ᠲᠤᠰᠢᠶᠠᠯ᠂ ᠺᠣᠮᠫᠠᠨᠢ ᠵᠢᠨ ᠨᠡᠷ᠎ᠡ᠂ ᠢᠮᠸᠯ ᠵᠡᠷᠭᠡ ᠵᠢ ᠬᠣᠷᠢᠶᠠᠨ ᠠᠪᠴᠤ᠂ ᠲᠠᠨ ᠤ᠋ ᠪᠠᠢᠭ᠎ᠠ ᠠᠵᠤ ᠠᠬᠤᠢᠯᠠᠯ ᠵᠢᠡᠷ ᠪᠡᠶ᠎ᠡ ᠵᠢᠨ ᠭᠠᠷᠤᠯ ᠢ᠋ ᠳᠤᠳᠤᠷᠬᠠᠢᠯᠠᠬᠤ ᠪᠤᠶᠤ ᠲᠠᠨ ᠲᠠᠢ ᠬᠠᠷᠢᠯᠴᠠᠬᠤ ᠳ᠋ᠤ᠌ ᠠᠰᠢᠭᠯᠠᠨ᠎ᠠ᠃
    3) ᠶᠠᠷᠢᠶᠠᠨ ᠤ᠋ ᠳᠠᠪᠴᠠᠩ ᠤ᠋ᠨ ᠦᠢᠯᠡᠴᠢᠯᠡᠬᠡ᠃ᠶᠠᠷᠢᠶᠠᠨ ᠤ᠋ ᠳᠠᠪᠴᠠᠩ ᠤ᠋ᠨ ᠦᠢᠯᠡᠴᠢᠯᠡᠬᠡ ᠨᠢ ᠲᠠᠨ ᠳ᠋ᠤ᠌ ᠳᠠᠷᠠᠭᠠᠬᠢ ᠠᠵᠢᠯ ᠬᠡᠷᠡᠭ ᠤ᠋ᠨ ᠴᠢᠳᠠᠪᠬᠢ ᠵᠢ ᠬᠠᠩᠭᠠᠬᠤ ᠪᠣᠯᠬᠣᠷ᠂ ᠲᠠ ᠬᠠᠮᠢᠶᠠᠳᠠᠢ ᠴᠢᠳᠠᠪᠬᠢ ᠵᠢ ᠠᠰᠢᠭᠯᠠᠬᠤ ᠶᠠᠪᠤᠴᠠ ᠳ᠋ᠤ᠌ ᠪᠢᠳᠡ ᠳᠠᠷᠠᠭᠠᠬᠢ ᠴᠢᠳᠠᠪᠬᠢ ᠵᠢ ᠬᠠᠩᠭᠠᠬᠤ ᠳ᠋ᠤ᠌ ᠱᠠᠭᠠᠷᠳᠠᠭᠳᠠᠬᠤ ᠰᠤᠷᠠᠭ ᠵᠠᠩᠬᠢ ᠵᠢ ᠰᠢᠢᠳᠪᠦᠷᠢᠯᠡᠬᠦ ᠪᠤᠯᠤᠨ᠎ᠠ᠃ ᠬᠡᠷᠪᠡ ᠬᠠᠮᠢᠶᠠᠳᠠᠢ ᠰᠤᠷᠠᠭ ᠵᠠᠩᠬᠢ ᠵᠢ ᠬᠠᠩᠭᠠᠬᠤ ᠥᠬᠡᠢ ᠪᠣᠯ᠂ ᠲᠠᠨ ᠤ᠋ ᠶᠠᠷᠢᠶᠠᠨ ᠤ᠋ ᠳᠠᠪᠴᠠᠩ ᠤ᠋ᠨ ᠦᠢᠯᠡᠴᠢᠯᠡᠬᠡ ᠵᠢ ᠬᠦᠷᠳᠡᠬᠦ ᠬᠠᠮᠢᠶ᠎ᠠ ᠪᠦᠬᠦᠢ ᠴᠢᠳᠠᠪᠬᠢ ᠵᠢ ᠨᠥᠯᠥᠭᠡᠯᠡᠬᠦ ᠪᠤᠯᠤᠨ᠎ᠠ᠃
      ᠨᠡᠪᠳᠡᠷᠡᠬᠦ ᠪᠤᠯᠤᠨ ᠪᠡᠶ᠎ᠡ ᠵᠢᠨ ᠭᠠᠷᠤᠯ ᠢ᠋ ᠬᠡᠷᠡᠴᠢᠯᠡᠬᠦ᠄ ᠲᠠ ᠲᠤᠰ ᠨᠡᠢᠭᠡᠮ ᠲᠣᠭᠣᠷᠢᠭ ᠤ᠋ᠨ ᠳᠠᠩᠰᠠᠨ ᠤ᠋ ᠳ᠋ᠤᠭᠠᠷ ᠵᠢᠡᠷ ᠶᠠᠷᠢᠶᠠᠨ ᠤ᠋ ᠳᠠᠪᠴᠠᠩ ᠳ᠋ᠤ᠌ ᠨᠡᠪᠳᠡᠷᠡᠵᠤ ᠪᠤᠯᠤᠨ᠎ᠠ᠃ ᠪᠢᠳᠡ ᠲᠠᠨ ᠤ᠋ ᠲᠤᠰ ᠨᠡᠢᠭᠡᠮ ᠲᠣᠭᠣᠷᠢᠭ ᠤ᠋ᠨ ᠳᠠᠩᠰᠠᠨ ᠤ᠋ ᠳ᠋ᠤᠭᠠᠷ ᠤ᠋ᠨ ᠬᠡᠷᠡᠭᠯᠡᠭᠴᠢ ᠵᠢᠨ ᠨᠡᠷ᠎ᠡ᠂ ᠡᠩᠬᠦᠷᠡᠢ ᠳᠠᠭᠤᠳᠠᠯᠭ᠎ᠠ᠂ ᠢᠮᠸᠯ᠂ ᠸᠢᠴᠠᠲ ᠵᠢᠡᠷ ᠳᠠᠩᠰᠠ ᠵᠢ ᠰᠢᠷᠪᠢᠬᠦ ᠵᠡᠷᠭᠡ ᠪᠡᠷ ᠳᠠᠮᠵᠢᠭᠤᠯᠤᠨ ᠲᠠᠨ ᠤ᠋ ᠪᠡᠶ᠎ᠡ ᠵᠢᠨ ᠭᠠᠷᠤᠯ ᠢ᠋ ᠳᠤᠳᠤᠯᠠᠵᠤ᠂ ᠲᠠᠨ ᠤ᠋ ᠳ᠋ᠠᠢᠲ᠋ᠠ ᠵᠢ ᠬᠠᠮᠢᠶᠠᠷᠤᠨ᠎ᠠ᠃
     ᠬᠤᠪᠢ ᠬᠥᠮᠦᠨ ᠤ᠋ ᠲᠥᠪ᠄ ᠨᠡᠪᠳᠡᠷᠡᠭᠰᠡᠨ ᠤ᠋ ᠳᠠᠷᠠᠭ᠎ᠠ ᠪᠢᠳᠡ《 ᠬᠤᠪᠢ ᠬᠥᠮᠦᠨ ᠤ᠋ ᠲᠥᠪ》 ᠬᠠᠭᠤᠳᠠᠰᠤᠨ ᠳ᠋ᠤ᠌ ᠲᠠᠨ ᠤ᠋ ᠲᠤᠰ ᠨᠡᠢᠭᠡᠮ ᠲᠣᠭᠣᠷᠢᠭ ᠤ᠋ᠨ ᠳᠠᠩᠰᠠᠨ ᠤ᠋ ᠬᠡᠷᠡᠭᠯᠡᠭᠴᠢ ᠵᠢᠨ ᠨᠡᠷ᠎ᠡ ᠵᠢ ᠢᠯᠡᠷᠡᠬᠦᠯᠦᠨ᠎ᠡ᠃ ᠲᠠ《ᠬᠤᠪᠢ ᠬᠥᠮᠦᠨ ᠤ᠋ ᠲᠥᠪ》 ᠬᠠᠭᠤᠳᠠᠰᠤᠨ ᠳ᠋ᠤ᠌ ᠨᠡᠢᠭᠡᠮ ᠲᠣᠭᠣᠷᠢᠭ ᠤ᠋ᠨ ᠶᠠᠷᠢᠶᠠᠨ ᠤ᠋ ᠳᠠᠪᠴᠠᠩ ᠳ᠋ᠤ᠌ ᠠᠰᠢᠭᠯᠠᠭᠰᠠᠨ ᠡᠩᠬᠦᠷᠡᠢ ᠳᠠᠭᠤᠳᠠᠯᠭ᠎ᠠ᠂ ᠬᠤᠪᠢ ᠵᠢᠨ ᠵᠢᠷᠤᠭ ᠰᠡᠬᠦᠳᠡᠷ᠂ ᠭᠠᠷ ᠤ᠋ᠨ ᠦᠰᠦᠭ ᠵᠡᠷᠭᠡ ᠪᠡᠨ ᠵᠠᠰᠠᠵᠤ ᠪᠤᠯᠤᠨ᠎ᠠ᠂ ᠪᠢᠳᠡ ᠳᠡᠬᠦᠨ ᠢ᠋ ᠬᠠᠳᠠᠭᠠᠯᠠᠵᠤ 《ᠬᠤᠪᠢ ᠬᠥᠮᠦᠨ ᠤ᠋ ᠲᠥᠪ》 ᠬᠠᠭᠤᠳᠠᠰᠤᠨ ᠳ᠋ᠤ᠌ ᠢᠯᠡᠷᠡᠬᠦᠯᠦᠨ᠎ᠡ᠃
     ᠮᠡᠳᠡᠭᠡ ᠵᠠᠩᠬᠢ ᠨᠡᠢᠳᠡᠯᠡᠬᠦ ᠪᠠ ᠦᠢᠯᠡᠳᠦᠯᠴᠡᠬᠦ᠄《 ᠶᠠᠷᠢᠶᠠᠨ ᠤ᠋ ᠳᠠᠪᠴᠠᠩ ᠦᠢᠯᠡᠴᠢᠯᠡᠬᠡ》 ᠲᠠᠨ ᠳ᠋ᠤ᠌ ᠮᠡᠳᠡᠭᠡ ᠵᠠᠩᠬᠢ ᠨᠡᠢᠳᠡᠯᠡᠬᠦ ᠪᠠ ᠦᠢᠯᠡᠳᠦᠯᠴᠡᠬᠦ ᠦᠢᠯᠡᠴᠢᠯᠡᠭᠡ ᠬᠠᠩᠭᠠᠨ᠎ᠠ᠃ ᠡᠬᠦᠨ ᠤ᠋ ᠳᠦᠯᠦᠭᠡ ᠪᠢᠳᠡ ᠲᠠᠨ ᠤ᠋ ᠨᠡᠢᠳᠡᠯᠡᠭᠰᠡᠨ ᠠᠭᠤᠯᠭ᠎ᠠ᠂ ᠵᠢᠷᠤᠭ ᠰᠡᠬᠦᠳᠡᠷ᠂ ᠠᠦ᠋ᠳᠢᠤ᠋᠂ ᠸᠢᠳᠢᠤ᠋᠂ ᠲᠸᠺᠰᠲ ᠵᠢᠴᠢ ᠰᠠᠨᠠᠯ ᠰᠢᠬᠦᠮᠵᠢ᠂ ᠮᠠᠭᠳᠠᠭᠠᠯ᠂ ᠴᠤᠭᠯᠠᠭᠤᠯᠭ᠎ᠠ᠂ ᠵᠠᠭᠠᠯᠳᠤᠯᠭ᠎ᠠ ᠵᠡᠷᠭᠡ ᠵᠢ ᠬᠣᠷᠢᠶᠠᠨ ᠠᠪᠴᠤ᠂ ᠰᠢᠢᠳᠪᠦᠷᠢᠯᠡᠨ᠎ᠡ᠃ ᠡᠭᠦᠨ ᠤ᠋ ᠵᠡᠷᠭᠡᠴᠡᠭᠡ ᠲᠠᠨ ᠤ᠋ ᠡᠩᠬᠦᠷᠡᠢ ᠳᠠᠭᠤᠳᠠᠯᠭ᠎ᠠ᠂ ᠬᠤᠪᠢ ᠵᠢᠨ ᠵᠢᠷᠤᠭ ᠰᠡᠬᠦᠳᠡᠷ ᠢ᠋ ᠢᠯᠡᠷᠡᠬᠦᠯᠬᠦ ᠶᠤᠮ᠃ ᠬᠠᠷᠢᠯᠴᠠᠭ᠎ᠠ ᠦᠢᠯᠡᠳᠦᠯᠴᠡᠯ ᠢ᠋ ᠨᠡᠮᠡᠭᠳᠡᠬᠦᠯᠬᠦ ᠵᠢᠨ ᠳᠦᠯᠦᠭᠡ ᠪᠢᠳᠡ《ᠬᠤᠪᠢ ᠬᠥᠮᠦᠨ ᠤ᠋ ᠲᠥᠪ》 ᠬᠠᠭᠤᠳᠠᠰᠤᠨ ᠳ᠋ᠤ᠌ ᠲᠠᠨ ᠤ᠋ ᠨᠡᠢᠳᠡᠯᠡᠭᠰᠡᠨ ᠠᠭᠤᠯᠭ᠎ᠠ ᠵᠢᠨ ᠲᠣᠭ᠎ᠠ᠂ ᠮᠠᠭᠳᠠᠭᠠᠯ ᠬᠦᠷᠳᠡᠭᠰᠡᠨ ᠲᠣᠭ᠎ᠠ᠂ ᠲᠠᠭᠠᠭᠴᠢ ᠵᠢᠨ ᠲᠣᠭ᠎ᠠ᠂ ᠠᠩᠬᠠᠷᠤᠭᠰᠠᠨ ᠲᠣᠭ᠎ᠠ᠂ ᠴᠤᠭᠯᠠᠭᠤᠯᠭ᠎ᠠ ( ᠴᠤᠭᠯᠠᠭᠤᠯᠭ᠎ᠠ ᠵᠢᠨ ᠠᠶᠠᠳᠠᠯ ᠢ᠋ ᠵᠥᠪᠬᠡᠨ ᠥᠪᠡᠷ ᠵᠢᠨᠨ ᠣᠯᠵᠤ ᠦᠵᠡᠨ᠎ᠡ) ᠵᠢ ᠢᠯᠡᠷᠡᠬᠦᠯᠦᠨ᠎ᠡ᠃
     ᠪᠦᠳᠦᠬᠡᠭᠳᠡᠬᠦᠨ ᠤ᠋ ᠡᠵᠡᠩᠨᠡᠯᠳᠡ ᠪᠠ ᠬᠠᠮᠢᠶᠠᠷᠤᠯᠳᠠ᠄ ᠲᠠᠨ ᠳ᠋ᠤ᠌ ᠤᠯᠠᠮ ᠪᠠᠶᠠᠯᠢᠭ ᠪᠦᠳᠦᠬᠡᠭᠳᠡᠬᠦᠨ ᠤ᠋ ᠲᠤᠷᠰᠢᠯᠭ᠎ᠠ ᠬᠠᠩᠭᠠᠵᠤ᠂ ᠪᠦᠳᠦᠬᠡᠭᠳᠡᠬᠦᠨ ᠤ᠋ ᠡᠵᠡᠩᠨᠡᠯᠳᠡ ᠵᠢᠨ ᠠᠷᠭ᠎ᠠ ᠪᠣᠳᠣᠯᠭ᠎ᠠ ᠵᠢ ᠰᠠᠢᠵᠢᠷᠠᠭᠤᠯᠬᠤ᠂ ᠪᠦᠳᠦᠬᠡᠭᠳᠡᠬᠦᠨ ᠤ᠋ ᠳᠤᠭᠳᠠᠪᠤᠷᠢᠳᠠᠢ ᠶᠠᠪᠤᠭᠳᠠᠬᠤ ᠢ᠋ ᠪᠠᠳᠤᠯᠠᠬᠤ᠂ ᠵᠢᠴᠢ ᠬᠠᠤᠯᠢ ᠴᠠᠭᠠᠵᠠ ᠬᠠᠤᠯᠢ ᠳᠦᠷᠢᠮ ᠤ᠋ᠨ ᠳᠠᠭᠠᠤ ᠰᠦᠯᠵᠢᠶᠡᠨ ᠤ᠋ ᠠᠮᠤᠷ ᠳᠦᠪᠰᠢᠨ ᠢ᠋ ᠪᠠᠳᠤᠯᠠᠬᠤ ᠵᠢᠨ ᠳᠦᠯᠦᠭᠡ᠂ ᠪᠢᠳᠡ ᠲᠠᠨ ᠤ᠋ ᠨᠡᠪᠳᠡᠷᠡᠭᠰᠡᠨ ᠳᠠᠩᠰᠠᠨ ᠤ᠋ ᠰᠤᠷᠠᠭ ᠵᠠᠩᠬᠢ᠂ ᠳᠦᠬᠦᠬᠡᠷᠦᠮᠵᠢ ᠵᠢᠨ ᠬᠠᠷᠳ᠋ᠸᠠᠢᠷ ᠤ᠋ᠨ ᠰᠤᠷᠠᠭ ᠵᠠᠩᠬᠢ᠂ ᠵᠢᠯᠣᠭᠣᠳᠬᠤ ᠰᠢᠰᠲ᠋ᠧᠮ  ᠤ᠋ᠨ ᠲᠣᠬᠢᠷᠠᠭᠤᠯᠭ᠎ᠠ ᠵᠢᠨ ᠰᠤᠷᠠᠭ ᠵᠠᠩᠬᠢ᠂ ᠢᠨᠲᠸᠷ ᠰᠦᠯᠵᠢᠶᠡᠨ ᠤ᠋ ᠰᠤᠷᠠᠭ ᠵᠠᠩᠬᠢ (IP ᠬᠠᠶᠢᠭ ᠭᠡᠬᠦ ᠮᠡᠳᠦ)᠂ ᠡᠵᠡᠩᠨᠡᠯᠳᠡ ᠵᠢᠨ ᠬᠤᠳᠠᠯᠳᠤᠭᠠᠴᠢᠨ ᠤ᠋ ᠰᠤᠷᠠᠭ ᠵᠠᠩᠬᠢ᠂ ᠲᠠᠨ ᠤ᠋ ᠲᠤᠰ ᠶᠠᠷᠢᠶᠠᠨ ᠤ᠋ ᠳᠠᠪᠴᠠᠩ ᠵᠢᠡᠷ ᠲᠣᠭᠣᠷᠢᠨ ᠦᠵᠡᠭᠰᠡᠨ ᠪᠠ ᠳᠤᠪᠰᠢᠭᠰᠠᠨ ᠳᠡᠮᠳᠡᠭᠯᠡᠯ᠂ᠶᠠᠷᠢᠶᠠᠨ ᠤ᠋ ᠳᠠᠪᠴᠠᠩ ᠤ᠋ᠨ ᠠᠯᠳᠠᠭ᠎ᠠ ᠵᠢ ᠮᠡᠳᠡᠬᠦᠯᠦᠭᠰᠡᠨ ᠰᠤᠷᠠᠭ ᠵᠠᠩᠬᠢ ᠵᠡᠷᠭᠡ ᠵᠢ ᠬᠣᠷᠢᠶᠠᠨ ᠴᠤᠭᠯᠠᠭᠤᠯᠤᠨ᠎ᠠ᠃
    4) ᠨᠡᠢᠭᠡᠮ ᠲᠣᠭᠣᠷᠢᠭ ᠤ᠋ᠨ ᠳᠠᠳᠤᠯᠭ᠎ᠠ\ ᠠᠵᠢᠯ ᠣᠯᠭᠣᠵᠤ ᠬᠥᠮᠦᠨ ᠬᠦᠮᠦᠵᠢᠬᠦᠯᠬᠦ ᠳᠦᠯᠦᠪᠯᠡᠭᠡ᠃ ᠲᠤᠰ ᠨᠡᠢᠭᠡᠮ ᠲᠣᠭᠣᠷᠢᠭ ᠤ᠋ᠨ ᠳᠠᠳᠤᠯᠭ᠎ᠠ\ ᠠᠵᠢᠯ ᠣᠯᠭᠣᠵᠤ ᠬᠥᠮᠦᠨ ᠬᠦᠮᠦᠵᠢᠬᠦᠯᠬᠦ ᠳᠦᠯᠦᠪᠯᠡᠭᠡᠨ ᠤ᠋ ᠡᠬᠦᠷᠭᠡ ᠵᠢᠨ ᠳᠠᠪᠴᠠᠩ ᠨᠢ ᠢᠯᠡ ᠳᠤᠳᠤᠷᠬᠠᠢ᠂ ᠠᠮᠤᠷ ᠳᠦᠪᠰᠢᠨ᠂ ᠵᠦᠢ ᠵᠤᠬᠢᠰᠳᠠᠢ ᠠᠷᠭ᠎ᠠ ᠪᠡᠷ ᠲᠠᠨ ᠤ᠋ ᠬᠤᠪᠢ ᠵᠢᠨ ᠰᠤᠷᠠᠭ ᠵᠠᠩᠬᠢ ᠵᠢ ᠬᠣᠷᠢᠶᠠᠨ ᠴᠤᠭᠯᠠᠭᠤᠯᠵᠤ᠂ ᠬᠡᠷᠡᠭᠯᠡᠵᠤ᠂ ᠬᠠᠮᠢᠶᠠᠷᠬᠤ ᠪᠤᠯᠤᠨ᠎ᠠ᠃ ᠮᠥᠨ ᠰᠢᠯᠢᠳᠡᠭ ᠡᠬᠦᠷᠭᠡ ᠵᠢᠨ ᠬᠠᠮᠳᠤᠷᠠᠨ ᠠᠵᠢᠯᠯᠠᠬᠤ ᠲᠤᠷᠰᠢᠯᠭ᠎ᠠ ᠬᠠᠩᠭᠠᠬᠤ ᠵᠢᠨ ᠵᠡᠷᠭᠡᠴᠡᠭᠡ ᠲᠠᠨ ᠤ᠋ ᠬᠤᠪᠢ ᠵᠢᠨ ᠨᠢᠭᠤᠴᠠ ᠵᠢᠨ ᠡᠷᠬᠡ ᠠᠰᠢᠭ᠋ ᠢ᠋ ᠪᠠᠳᠤᠯᠠᠨ᠎ᠠ᠃ ᠲᠠ ᠳᠠᠪᠴᠠᠩ ᠢ᠋ ᠠᠰᠢᠭᠯᠠᠬᠤ ᠦᠶ᠎ᠡ ᠳ᠋ᠤ᠌ ᠪᠡᠨ ᠬᠤᠪᠢ ᠵᠢᠨ ᠨᠢᠭᠤᠴᠠ ᠵᠢᠨ ᠲᠥᠷᠥ ᠵᠢᠨ ᠪᠣᠳᠣᠯᠭ᠎ᠠ ᠵᠢ ᠨᠠᠷᠢᠨ ᠤᠩᠰᠢᠵᠤ᠂ ᠤᠢᠯᠠᠭᠠᠬᠤ ᠬᠡᠷᠡᠭᠳᠡᠢ ᠪᠦᠬᠡᠳ ᠴᠢᠬᠤᠯᠠ ᠲᠠᠢ ᠦᠶ᠎ᠡ ᠳ᠋ᠤ᠌ ᠳᠠᠪᠴᠠᠩ ᠲᠠᠢ ᠬᠠᠷᠢᠯᠴᠠᠵᠤ ᠨᠡᠩ ᠣᠯᠠᠨ ᠰᠤᠷᠠᠭ ᠵᠠᠩᠬᠢ ᠣᠯᠵᠤ ᠪᠤᠯᠤᠨ᠎ᠠ᠃ ᠬᠡᠷᠪᠡ ᠲᠠ ᠬᠠᠮᠢᠶᠠᠳᠠᠢ ᠰᠤᠷᠠᠭ ᠵᠠᠩᠬᠢ ᠵᠢ ᠬᠠᠩᠭᠠᠬᠤ ᠥᠬᠡᠢ ᠪᠣᠯ᠂ ᠡᠯ᠎ᠡ ᠳᠦᠷᠦᠯ ᠤ᠋ᠨ ᠡᠬᠦᠷᠭᠡ ᠵᠢ ᠬᠦᠯᠢᠶᠡᠨ ᠠᠪᠬᠤ ᠦᠶ᠎ᠡ ᠵᠢᠨ ᠬᠣᠯᠪᠣᠭᠳᠠᠬᠤ ᠴᠢᠳᠠᠪᠬᠢ ᠵᠢᠨ ᠡᠷᠬᠡ ᠵᠢ ᠣᠯᠵᠤ ᠴᠢᠳᠠᠬᠤ ᠥᠬᠡᠢ ᠪᠠᠢᠵᠤ ᠮᠡᠳᠡᠨ᠎ᠡ᠃ ᠵᠢᠱ᠌ᠢᠶᠡᠯᠡᠪᠡᠯ᠄
      ᠡᠬᠦᠷᠭᠡ ᠨᠡᠢᠳᠡᠯᠡᠬᠦ᠄ ᠬᠡᠷᠪᠡ ᠲᠠ ᠠᠵᠤ ᠠᠬᠤᠢᠯᠠᠯ ᠪᠣᠯ᠂ ᠡᠬᠦᠷᠭᠡ ᠵᠢᠨ ᠳᠠᠪᠴᠠᠩ ᠳᠡᠭᠡᠷ᠎ᠡ ᠡᠬᠦᠷᠭᠡ ᠨᠡᠢᠳᠡᠯᠡᠬᠦ ᠡᠷᠬᠡ ᠲᠠᠢ᠃ ᠡᠢᠮᠤ ᠡᠴᠡ ᠲᠠ ᠬᠡᠷᠡᠭᠯᠡᠭᠴᠢ ᠵᠢᠨ ᠨᠡᠷ᠎ᠡ᠂ ᠬᠠᠷᠢᠯᠴᠠᠬᠤ ᠠᠷᠭ᠎ᠠ᠂ ᠡᠬᠦᠷᠬᠡ ᠵᠢᠨ ᠨᠠᠷᠢᠨ ᠠᠭᠤᠯᠭ᠎ᠠ ᠵᠡᠷᠭᠡ ᠠᠵᠤ ᠠᠬᠤᠢᠯᠠᠯ ᠪᠤᠯᠤᠨ ᠬᠤᠪᠢ ᠬᠥᠮᠦᠨ ᠤ᠋ ᠰᠤᠷᠠᠭ ᠵᠠᠩᠬᠢ ᠵᠢ ᠲᠤᠰᠢᠶᠠᠬᠤ ᠬᠡᠷᠡᠭᠳᠡᠢ᠃ ᠡᠳᠡᠭᠡᠷ ᠰᠤᠷᠠᠭ ᠵᠠᠩᠬᠢ ᠵᠢ ᠡᠬᠦᠷᠭᠡ ᠨᠡᠢᠳᠡᠯᠡᠬᠦ ᠪᠠ ᠬᠠᠮᠢᠶᠠᠷᠬᠤ ᠳ᠋ᠤ᠌ ᠠᠰᠢᠭᠯᠠᠵᠤ᠂ ᠳᠠᠳᠤᠯᠭ᠎ᠠ ᠬᠢᠬᠦ ᠪᠤᠶᠤ ᠳᠤᠷ᠎ᠠ ᠪᠠᠬ᠎ᠠ ᠲᠠᠢ ᠬᠥᠮᠦᠰ ᠲᠠᠢ ᠤᠢᠯᠠᠭᠠᠯᠴᠠᠵᠤ᠂ ᠬᠠᠮᠳᠤᠷᠠᠬᠤ ᠳ᠋ᠤ᠌ ᠳᠦᠬᠦᠮ ᠦᠵᠡᠬᠦᠯᠦᠨ᠎ᠡ᠃
      ᠶᠡᠬᠡ ᠰᠤᠷᠭᠠᠭᠤᠯᠢ ᠵᠢᠨ ᠤᠶᠤᠳᠠᠨ\ᠳᠤᠷ᠎ᠠ ᠪᠠᠬ᠎ᠠ ᠲᠠᠢ ᠬᠥᠮᠦᠰ\ᠠᠵᠢᠯ ᠣᠯᠭᠣᠵᠤ ᠬᠥᠮᠦᠨ ᠬᠦᠮᠦᠵᠢᠬᠦᠯᠬᠦ ᠰᠤᠷᠠᠭ ᠵᠠᠩᠬᠢ ᠵᠢ ᠬᠢᠨᠠᠬᠤ᠄ ᠬᠡᠷᠪᠡ ᠲᠠ ᠳᠠᠳᠤᠯᠭ᠎ᠠ ᠬᠢᠬᠦ ᠪᠡᠷ ᠭᠤᠶᠤᠴᠢᠯᠠᠪᠠᠯ᠂ ᠳᠠᠪᠴᠠᠩ ᠨᠢ ᠲᠠᠨ ᠢ᠋ ᠬᠤᠪᠢ ᠵᠢᠨ ᠨᠠᠮᠳᠠᠷ᠂ ᠬᠠᠷᠢᠯᠴᠠᠬᠤ ᠠᠷᠭ᠎ᠠ ᠪᠤᠯᠤᠨ ᠬᠠᠮᠢᠶᠠᠳᠠᠢ ᠬᠡᠷᠡᠴᠢᠯᠡᠬᠦ ᠮᠠᠲᠸᠷᠢᠶᠠᠯ ᠵᠢᠨᠨ ᠳᠤᠰᠢᠶᠠᠬᠤ ᠵᠢ ᠱᠠᠭᠠᠷᠳᠠᠨ᠎ᠠ᠃ ᠡᠳᠡᠭᠡᠷ ᠰᠤᠷᠠᠭ ᠵᠠᠩᠬᠢ ᠵᠢ ᠳᠠᠳᠤᠯᠭ᠎ᠠ ᠬᠢᠬᠦ ᠭᠤᠶᠤᠴᠢᠯᠠᠯ ᠢ᠋ ᠬᠢᠨᠠᠬᠤ ᠳ᠋ᠤ᠌ ᠠᠰᠢᠭᠯᠠᠵᠤ᠂ ᠭᠤᠶᠤᠴᠢᠯᠠᠭᠰᠠᠨ ᠬᠥᠮᠦᠨ ᠤ᠋ ᠬᠢᠷᠢ ᠬᠡᠮ᠂ ᠵᠣᠬᠢᠴᠠᠬᠤ ᠴᠢᠨᠠᠷ ᠢ᠋ ᠪᠠᠳᠤᠯᠠᠬᠤ ᠳ᠋ᠤ᠌ ᠠᠰᠢᠭᠯᠠᠨ᠎ᠠ᠃
     ᠡᠬᠦᠷᠭᠡ ᠠᠪᠬᠤ ᠰᠤᠷᠠᠭ ᠵᠠᠩᠬᠢ ᠵᠢ ᠬᠢᠨᠠᠬᠤ᠄ ᠲᠠ ᠳᠤᠰᠬᠠᠢ ᠡᠬᠦᠷᠭᠡ ᠳ᠋ᠤ᠌ ᠣᠷᠣᠯᠴᠠᠬᠤ ᠪᠡᠷ ᠭᠤᠶᠤᠴᠢᠯᠠᠬᠤ ᠦᠶ᠎ᠡ ᠳ᠋ᠤ᠌᠂ ᠳᠠᠪᠴᠠᠩ ᠨᠢ ᠲᠠᠨ ᠤ᠋ ᠬᠤᠪᠢ ᠵᠢᠨ ᠰᠤᠷᠠᠭ ᠵᠠᠩᠬᠢ ᠪᠤᠯᠤᠨ ᠡᠬᠦᠷᠭᠡ ᠭᠤᠶᠤᠴᠢᠯᠠᠬᠤ ᠬᠤᠯᠪᠤᠭᠳᠠᠯᠳᠤ ᠠᠬᠤᠢ ᠪᠠᠢᠳᠠᠯ᠂ ᠤᠢᠯᠠᠭᠠᠭᠰᠠᠨ ᠬᠡᠮᠵᠢᠶ᠎ᠡ᠂ ᠳᠦᠰᠦᠯ ᠤ᠋ᠨ ᠰᠡᠳᠬᠢᠬᠦᠢ᠂ ᠴᠠᠭ ᠬᠤᠭᠤᠴᠠᠭᠠᠨ ᠤ᠋ ᠳᠦᠯᠦᠪᠯᠡᠭᠡ ᠵᠡᠷᠭᠡ ᠵᠢ ᠳᠤᠰᠢᠶᠠᠬᠤ ᠵᠢ ᠱᠠᠭᠠᠷᠳᠠᠨ᠎ᠠ᠃ ᠡᠳᠡᠭᠡᠷ ᠰᠤᠷᠠᠭ ᠵᠠᠩᠬᠢ ᠵᠢ ᠭᠤᠶᠤᠴᠢᠯᠠᠭᠰᠠᠨ ᠬᠥᠮᠦᠨ ᠤ᠋ ᠵᠣᠬᠢᠴᠠᠬᠤ ᠴᠢᠨᠠᠷ ᠬᠢᠬᠡᠳ ᠴᠢᠳᠠᠪᠤᠷᠢ ᠵᠢ ᠦᠨᠡᠯᠡᠬᠦ ᠳ᠋ᠤ᠌ ᠠᠰᠢᠭᠯᠠᠨ᠎ᠠ᠃
     ᠡᠬᠦᠷᠭᠡ ᠵᠢᠨ ᠦᠷ᠎ᠡ ᠪᠦᠳᠦᠬᠡᠯ ᠤ᠋ᠨ ᠰᠤᠷᠠᠭ ᠵᠠᠩᠬᠢ ᠵᠢ ᠬᠢᠨᠠᠬᠤ᠄ ᠲᠠ ᠡᠬᠦᠷᠭᠡ ᠪᠡᠨ ᠪᠡᠶᠡᠯᠡᠬᠦᠯᠦᠭᠰᠡᠨ ᠤ᠋ ᠳᠠᠷᠠᠭ᠎ᠠ ᠬᠠᠮᠢᠶᠠᠳᠠᠢ ᠦᠷ᠎ᠡ ᠳ᠋ᠦᠩ ᠪᠤᠯᠤᠨ ᠮᠡᠳᠡᠬᠦᠯᠦᠯᠳᠡ ᠵᠢ ᠳᠠᠮᠵᠢᠭᠤᠯᠬᠤ ᠴᠢᠬᠤᠯᠠᠳᠠᠢ᠃ ᠡᠳᠡᠭᠡᠷ ᠰᠤᠷᠠᠭ ᠵᠠᠩᠬᠢ ᠳ᠋ᠤ᠌ ᠲᠠᠨ ᠤ᠋ ᠠᠵᠢᠯ ᠤ᠋ᠨ ᠦᠷ᠎ᠡ ᠪᠦᠳᠦᠬᠡᠯ ᠬᠢᠬᠡᠳ ᠰᠢᠨ᠎ᠡ ᠵᠢ ᠡᠬᠦᠳᠦᠭᠰᠡᠨ ᠰᠠᠨᠠᠭ᠎ᠠ ᠪᠠᠭᠳᠠᠬᠤ ᠮᠠᠭᠠᠳ᠂ ᠡᠳᠡᠭᠡᠷ ᠢ᠋ ᠡᠬᠦᠷᠭᠡ ᠵᠢ ᠪᠡᠶᠡᠯᠡᠬᠦᠯᠦᠭᠰᠡᠨ ᠪᠠᠢᠳᠠᠯ ᠢ᠋ ᠬᠢᠨᠠᠬᠤ ᠳ᠋ᠤ᠌ ᠠᠰᠢᠭᠯᠠᠨ᠎ᠠ᠃
     ᠱᠠᠩᠨᠠᠨ ᠤᠷᠮᠠᠰᠢᠭ᠋ᠤᠯᠬᠤ ᠪᠠ ᠪᠡᠯᠡᠨ ᠮᠥᠩᠭᠥ ᠳᠠᠷᠬᠠᠭᠠᠬᠤ᠄ ᠳᠠᠪᠴᠠᠩ ᠨᠢ ᠡᠬᠦᠷᠭᠡ ᠵᠢ ᠪᠡᠶᠡᠯᠡᠬᠦᠯᠦᠭᠰᠡᠨ ᠪᠠᠢᠳᠠᠯ ᠢ᠋ ᠦᠨᠳᠦᠰᠦᠯᠡᠨ ᠲᠠᠨ ᠢ᠋ ᠱᠠᠩᠨᠠᠨ ᠤᠷᠮᠠᠰᠢᠭ᠋ᠤᠯᠬᠤ ᠪᠤᠯᠤᠨ᠎ᠠ᠂ ᠡᠭᠦᠨ ᠳ᠋ᠤ᠌ ᠪᠡᠯᠡᠨ ᠮᠥᠩᠭᠥ ᠪᠠᠭᠳᠠᠵᠤ ᠪᠤᠢ᠃ᠱᠠᠩᠨᠠᠨ ᠤᠷᠮᠠᠰᠢᠭ᠋ᠤᠯᠬᠤ ᠪᠡᠯᠡᠨ ᠮᠥᠩᠭᠥ ᠳᠠᠷᠬᠠᠭᠠᠬᠤ ᠦᠶ᠎ᠡ ᠳ᠋ᠤ᠌᠂ ᠳᠠᠪᠴᠠᠩ ᠨᠢ ᠲᠠᠨ ᠤ᠋ ᠪᠠᠩᠬᠢ ᠵᠢᠨ ᠳᠠᠩᠰᠠᠨ ᠤ᠋ ᠳ᠋ᠤᠭᠠᠷ᠂ ᠳᠠᠩᠰᠠ ᠨᠡᠬᠡᠬᠡᠭᠰᠡᠨ ᠰᠠᠯᠪᠤᠷᠢ ᠪᠠᠩᠬᠢ ᠵᠡᠷᠭᠡ ᠳᠦᠯᠦᠪᠦᠷᠢ ᠵᠢᠨ ᠰᠤᠷᠠᠭ ᠵᠠᠩᠬᠢ ᠵᠢ ᠬᠣᠷᠢᠶᠠᠨ ᠴᠤᠭᠯᠠᠭᠤᠯᠵᠤ᠂ ᠪᠡᠯᠡᠨ ᠮᠥᠩᠭᠥ ᠵᠢ ᠳᠠᠷᠬᠠᠭᠠᠬᠤ ᠳ᠋ᠤ᠌ ᠠᠰᠢᠭᠯᠠᠨ᠎ᠠ᠃
    5) ᠢᠮᠸᠯ ᠵᠢᠡᠷ ᠵᠠᠬᠢᠶᠠᠯᠠᠬᠤ᠃ ᠲᠠ ᠮᠠᠨ ᠤ᠋ ᠢᠮᠸᠯ ᠵᠢᠡᠷ ᠵᠠᠬᠢᠶᠠᠯᠠᠬᠤ ᠦᠢᠯᠡᠴᠢᠯᠡᠭᠡ ᠵᠢ ᠬᠦᠷᠳᠡᠬᠦ ᠦᠶ᠎ᠡ ᠳ᠋ᠤ᠌᠂ ᠪᠢᠳᠡ ᠲᠠᠨ ᠤ᠋ ᠢᠮᠸᠯ ᠬᠠᠶᠢᠭ ᠢ᠋ ᠬᠣᠷᠢᠶᠠᠨ ᠠᠪᠴᠤ᠂ ᠲᠤᠰ ᠢᠮᠸᠯ ᠬᠠᠶᠢᠭ ᠵᠢᠡᠷ ᠵᠠᠬᠢᠶᠠᠯᠠᠬᠤ ᠦᠢᠯᠡᠴᠢᠯᠡᠭᠡ ᠵᠢ ᠢᠯᠡᠭᠡᠵᠤ᠂ ᠲᠠᠨ ᠤ᠋ ᠨᠡᠢᠭᠡᠮ ᠲᠣᠭᠣᠷᠢᠭ ᠤ᠋ᠨ ᠶᠠᠷᠢᠯᠴᠠᠭᠠᠨ ᠳ᠋ᠤ᠌ ᠣᠷᠣᠯᠴᠠᠬᠤ ᠳ᠋ᠤ᠌ ᠳᠦᠬᠦᠮ ᠦᠵᠡᠬᠦᠯᠦᠨ᠎ᠡ᠃
    6) ᠠᠭᠤᠯᠭ᠎ᠠ ᠨᠡᠢᠳᠡᠯᠡᠬᠦ᠃ ᠲᠠ ᠲᠤᠰ ᠨᠡᠢᠭᠡᠮ ᠲᠣᠭᠣᠷᠢᠭ ᠤ᠋ᠨ ᠬᠤᠷᠠᠯ ᠴᠤᠭᠯᠠᠭᠠᠨ᠂ ᠰᠢᠭ᠋ᠤᠳ ᠨᠡᠪᠳᠡᠷᠡᠬᠦᠯᠭᠡ᠂ ᠪᠦᠷᠭᠡ᠂ ᠦᠢᠯᠡ ᠠᠵᠢᠯᠯᠠᠭ᠎ᠠ ᠳ᠋ᠤ᠌ ᠣᠷᠣᠯᠴᠠᠬᠤ᠂ ᠰᠤᠷᠪᠤᠯᠵᠢ ᠨᠡᠬᠡᠬᠡᠬᠦ ᠨᠡᠭᠡᠭᠡᠨ ᠬᠦᠭᠵᠢᠬᠦᠯᠦᠭᠴᠢ ᠵᠢᠨ ᠬᠤᠪᠢ ᠪᠡᠷ ᠨᠡᠢᠭᠡᠮ ᠲᠣᠭᠣᠷᠢᠭ ᠢ᠋ ᠪᠠᠢᠭᠤᠯᠬᠤ ᠳ᠋ᠤ᠌ ᠬᠤᠪᠢ ᠨᠡᠮᠡᠷᠢ ᠣᠷᠣᠭᠤᠯᠬᠤ ᠦᠶ᠎ᠡ ᠳ᠋ᠤ᠌᠂ ᠲᠠᠨ ᠤ᠋ ᠬᠡᠷᠡᠭᠯᠡᠭᠴᠢ ᠵᠢᠨ ᠨᠡᠷ᠎ᠡ ᠬᠢᠬᠡᠳ ᠲᠠᠨ ᠤ᠋ ᠨᠡᠢᠳᠡᠯᠡᠭᠰᠡᠨ ᠰᠤᠷᠠᠭ ᠵᠠᠩᠬᠢ ᠲᠤᠰ ᠨᠡᠢᠭᠡᠮ ᠲᠣᠭᠣᠷᠢᠭ ᠤ᠋ᠨ ᠣᠯᠠᠨ ᠳᠦᠮᠡᠨ ᠳ᠋ᠤ᠌ ᠦᠵᠡᠭᠳᠡᠬᠦ ᠪᠤᠯᠤᠨ᠎ᠠ᠃ ᠬᠡᠷᠪᠡ ᠲᠠ ᠲᠤᠰ ᠨᠡᠢᠭᠡᠮ ᠲᠣᠭᠣᠷᠢᠭ ᠤ᠋ᠨ SIG ᠬᠡᠰᠢᠬᠦᠨ ᠪᠣᠯ᠂ ᠪᠢᠳᠡ ᠲᠠᠨ ᠢ᠋ Gitee、Gitlink、Github ᠤ᠋ᠨ\ ᠵᠢᠨ ᠰᠤᠷᠠᠭ ᠵᠠᠩᠬᠢ ᠪᠡᠨ ᠳᠤᠰᠢᠶᠠᠬᠤ ᠵᠢ ᠱᠠᠭᠠᠷᠳᠠᠵᠤ᠂ ᠰᠦᠯᠵᠢᠶᠡᠨ ᠳᠡᠭᠡᠷ᠎ᠡ ᠪᠡ ᠨᠡᠢᠳᠡᠯᠡᠨ᠎ᠡ᠃
    7)issue ᠵᠢ\ ᠢ᠋ ᠳᠦᠷᠭᠡᠨ ᠳᠤᠰᠢᠶᠠᠬᠤ᠃ ᠲᠠ ᠨᠡᠢᠭᠡᠮ ᠲᠣᠭᠣᠷᠢᠭ ᠤ᠋ᠨ ᠵᠢᠵᠢᠭ ᠫᠷᠣᠭ᠌ᠷᠠᠮ ᠵᠢᠡᠷ ᠳᠠᠮᠵᠢᠬᠤ ᠪᠤᠶᠤ ᠰᠢᠭ᠋ᠤᠳ Gitee ᠳᠠᠪᠴᠠᠩ ᠳᠡᠭᠡᠷ᠎ᠡ issue ᠵᠢ\ ᠢ᠋ ᠳᠤᠰᠢᠶᠠᠬᠤ ᠦᠶ᠎ᠡ ᠳ᠋ᠤ᠌᠂ ᠪᠢᠳᠡ ᠲᠠᠨ ᠤ᠋ ᠳᠠᠩᠰᠠᠨ ᠤ᠋ ᠳ᠋ᠤᠭᠠᠷ᠂ ᠬᠡᠷᠡᠭᠯᠡᠭᠴᠢ ᠵᠢᠨ ᠨᠡᠷ᠎ᠡ᠂ ᠸᠢᠴᠠᠲ ᠤ᠋ᠨ ᠵᠥᠪᠰᠢᠶᠡᠷᠡᠯ ᠵᠡᠷᠭᠡ ᠰᠤᠷᠠᠭ ᠵᠠᠩᠬᠢ ᠵᠢ ᠬᠤᠷᠢᠶᠠᠵᠤ ᠣᠯᠬᠤ ᠪᠤᠯᠤᠨ᠎ᠠ᠃ issue ᠵᠢ\ ᠢ᠋ ᠠᠮᠵᠢᠯᠳᠠ ᠲᠠᠢ ᠪᠠᠢᠭᠤᠯᠤᠭᠰᠠᠨ ᠤ᠋ ᠳᠠᠷᠠᠭ᠎ᠠ᠂ ᠪᠢᠳᠡ ᠲᠤᠰ issue ᠬᠠᠭᠤᠳᠠᠰᠤᠨ ᠤ᠋ ᠰᠤᠷᠠᠭ ᠵᠠᠩᠬᠢ ᠵᠢᠨ ᠳᠠᠨᠢᠯᠴᠠᠭᠤᠯᠭ᠎ᠠ ᠳ᠋ᠤ᠌ ᠲᠠᠨ ᠤ᠋ ᠬᠡᠷᠡᠭᠯᠡᠭᠴᠢ ᠵᠢᠨ ᠰᠤᠷᠠᠭ ᠵᠠᠩᠬᠢ ᠵᠢ ᠳᠡᠯᠭᠡᠨ ᠦᠵᠡᠬᠦᠯᠦᠨ᠎ᠡ᠃
    8)《 ᠴᠢ ᠯᠢᠨ ᠬᠤᠨᠳᠠᠭᠠᠳᠤ》 ᠪᠦᠬᠦ ᠤᠯᠤᠰ ᠤ᠋ᠨ ᠰᠤᠷᠪᠤᠯᠵᠢ ᠨᠡᠬᠡᠬᠡᠬᠦ ᠬᠡᠷᠡᠭᠯᠡᠬᠡᠨ ᠤ᠋ ᠰᠣᠹᠲ ᠢ᠋ ᠨᠡᠭᠡᠭᠡᠨ ᠬᠦᠭᠵᠢᠬᠦᠯᠬᠦ ᠤᠷᠤᠯᠳᠤᠭᠠᠨ ᠳ᠋ᠤ᠌ ᠲᠠ ᠣᠷᠣᠯᠴᠠᠬᠤ ᠪᠡᠷ ᠭᠤᠶᠤᠴᠢᠯᠠᠭᠰᠠᠨ ᠪᠣᠯ᠂ ᠲᠠᠨ ᠤ᠋ ᠰᠠᠨᠠᠭᠠᠴᠢᠯᠠᠭ᠎ᠠ ᠲᠠᠢ ᠳᠠᠭᠯᠠᠭᠰᠠᠨ ᠬᠦᠰᠦᠨᠦᠭᠳᠦ ᠡᠴᠡ ᠪᠢᠳᠡ ᠲᠠᠨ ᠤ᠋ Gitee、Gitlink、Github ᠰᠤᠷᠠᠭ ᠵᠠᠩᠬᠢ᠂ ᠬᠤᠩᠱᠨᠨ ᠰᠤᠷᠪᠤᠯᠵᠢ ᠨᠡᠬᠡᠬᠡᠬᠦ ᠳᠠᠩᠰᠠᠨ ᠤ᠋ ᠳ᠋ᠤᠭᠠᠷ᠂ ᠨᠡᠢᠭᠡᠮ ᠲᠣᠭᠣᠷᠢᠭ ᠤ᠋ᠨ ID᠂ ᠨᠡᠷ᠎ᠡ᠂ ᠭᠠᠷ ᠤᠳᠠᠰᠤᠨ ᠤ᠋ ᠳ᠋ᠤᠭᠠᠷ᠂ ᠢᠮᠸᠯ᠂ ᠪᠦᠳᠦᠭᠡᠯ ᠵᠡᠷᠭᠡ ᠰᠤᠷᠠᠭ ᠵᠠᠩᠬᠢ ᠵᠢ ᠬᠣᠷᠢᠶᠠᠨ ᠠᠪᠬᠤ ᠪᠤᠯᠤᠨ᠎ᠠ᠃ ᠨᠡᠷ᠎ᠡ᠂ ᠭᠠᠷ ᠤᠳᠠᠰᠤᠨ ᠤ᠋ ᠳ᠋ᠤᠭᠠᠷ᠂ ᠢᠮᠸᠯ ᠵᠡᠷᠭᠡ ᠵᠢ ᠤᠷᠤᠯᠳᠤᠭᠠᠨ ᠤ᠋ ᠳ᠋ᠦᠩ ᠢ᠋ ᠮᠡᠳᠡᠭᠳᠡᠬᠦ ᠪᠡᠷ ᠲᠠᠨ ᠲᠠᠢ ᠬᠠᠷᠢᠯᠴᠠᠬᠤ ᠳ᠋ᠤ᠌ ᠬᠡᠷᠡᠭᠯᠡᠨ᠎ᠡ᠃ ᠬᠡᠷᠪᠡ ᠲᠠ ᠤᠷᠤᠯᠳᠤᠭᠠᠨ ᠳ᠋ᠤ᠌ ᠰᠠᠢᠨ ᠦᠷ᠎ᠡ ᠳ᠋ᠦᠩ ᠣᠯᠤᠭᠰᠠᠨ ᠪᠣᠯ᠂ ᠲᠠᠨ ᠤ᠋ ᠨᠡᠷ᠎ᠡ ᠵᠢ ᠠᠯᠪᠠᠨ ᠰᠦᠯᠵᠢᠶ᠎ᠡ ᠪᠡᠷ ᠢᠯᠡ ᠨᠡᠢᠳᠡᠯᠡᠨ᠎ᠡ᠃
    9) ᠦᠢᠯᠡᠴᠢᠯᠡᠬᠡ ᠵᠢ ᠰᠠᠢᠵᠢᠷᠠᠭᠤᠯᠬᠤ᠃ ᠲᠤᠰ ᠨᠡᠢᠭᠡᠮ ᠲᠣᠭᠣᠷᠢᠭ ᠤ᠋ᠨ ᠠᠵᠢᠯᠯᠠᠭᠠᠨ ᠤ᠋ ᠪᠠᠢᠳᠠᠯ ᠢ᠋ ᠦᠷᠬᠦᠯᠵᠢᠯᠡᠨ ᠤᠢᠯᠠᠭᠠᠬᠤ ᠵᠢᠨ ᠳᠤᠯᠠᠳᠠ᠂ ᠮᠥᠨ ᠲᠠᠨ ᠳ᠋ᠤ᠌ ᠤᠯᠠᠮ ᠰᠠᠢᠨ ᠦᠢᠯᠡᠴᠢᠯᠡᠬᠦ ᠵᠢᠨ ᠳᠤᠰᠠᠳᠠ᠂ ᠲᠠ ᠮᠠᠨ ᠤ᠋ ᠰᠦᠯᠵᠢᠶᠡᠨ ᠳ᠋ᠤ᠌ ᠠᠢᠯᠴᠢᠯᠠᠬᠤ ᠦᠶ᠎ᠡ ᠳ᠋ᠤ᠌ ᠪᠢᠳᠡ ᠲᠠᠨ ᠤ᠋ IP ᠬᠠᠶᠢᠭ᠂ ᠠᠢᠯᠴᠢᠯᠠᠭᠰᠠᠨ ᠡᠬᠢ ᠰᠤᠷᠪᠤᠯᠵᠢ᠂ ᠨᠡᠢᠭᠡᠮ ᠲᠣᠭᠣᠷᠢᠭ ᠲᠤ᠌ ᠠᠢᠯᠴᠢᠯᠠᠭᠰᠠᠨ ᠲᠣᠭ᠎ᠠ᠂ ᠰᠦᠯᠵᠢᠶᠡᠨ ᠳ᠋ᠤ᠌ ᠪᠠᠢᠭᠰᠠᠨ ᠬᠤᠭᠤᠴᠠᠭ᠎ᠠ᠂ ᠠᠢᠯᠴᠢᠯᠠᠭᠰᠠᠨ ᠬᠤᠭᠤᠴᠠᠭᠠᠨ ᠳᠠᠮᠠᠭ᠎ᠠ᠂ ᠬᠠᠢᠭᠤᠷ ᠤ᠋ᠨ ᠳᠦᠷᠦᠯ᠂ ᠨᠡᠢᠭᠡᠮ ᠲᠣᠭᠣᠷᠢᠭ ᠲᠤ᠌ ᠠᠢᠯᠴᠢᠯᠠᠬᠤ ᠦᠶ᠎ᠡ ᠳ᠋ᠤ᠌ ᠠᠰᠢᠭᠯᠠᠭᠰᠠᠨ ᠦᠢᠯᠡᠴᠢᠯᠡᠬᠦᠷ ᠤ᠋ᠨ ᠳᠦᠷᠦᠯ ᠵᠦᠢᠯ ᠪᠤᠯᠤᠨ ᠰᠢᠨᠵᠢ ᠳᠡᠮᠳᠡᠭ ᠢ᠋ ᠬᠣᠷᠢᠶᠠᠨ ᠠᠪᠴᠤ᠂ ᠲᠠᠨ ᠤ᠋ ᠰᠦᠯᠵᠢᠶᠡᠨ ᠳ᠋ᠤ᠌ ᠠᠢᠯᠴᠢᠯᠠᠭᠰᠠᠨ ᠠᠵᠢᠯᠯᠠᠭ᠎ᠠ ᠵᠢ ᠢᠯᠠᠭᠠᠨ ᠳᠠᠨᠢᠬᠤ ᠳ᠋ᠤ᠌ ᠠᠰᠢᠭᠯᠠᠨ᠎ᠠ᠃ ᠪᠢᠳᠡ ᠭᠤᠷᠪᠠᠳᠠᠭᠴᠢ ᠡᠳᠡᠭᠡᠳ ᠤ᠋ᠨ Web ᠵᠠᠳᠠᠯᠤᠯᠳᠠ ᠵᠢᠨ ᠪᠠᠭᠠᠵᠢ ( ᠪᠠᠢ ᠳᠦ ᠲᠣᠭ᠎ᠠ ᠪᠦᠷᠢᠳᠬᠡᠯ) ᠵᠢ ᠠᠰᠢᠭᠯᠠᠵᠤ᠂ ᠮᠠᠨ ᠤ᠋ ᠰᠦᠯᠵᠢᠶᠡᠨ ᠳ᠋ᠤ᠌ ᠭᠠᠷᠤᠭᠰᠠᠨ ᠪᠠᠢᠳᠠᠯ ᠢ᠋ ᠤᠢᠯᠠᠭᠠᠵᠤ᠂ ᠡᠭᠦᠨ ᠤ᠋ ᠰᠠᠭᠤᠷᠢᠨ ᠳᠡᠭᠡᠷ᠎ᠡ ᠲᠣᠭ᠎ᠠ ᠪᠦᠷᠢᠳᠬᠡᠯ ᠬᠢᠵᠤ᠂ ᠲᠤᠰ ᠨᠡᠢᠭᠡᠮ ᠲᠣᠭᠣᠷᠢᠭ ᠤ᠋ᠨ ᠠᠵᠢᠯᠯᠠᠭᠠᠨ ᠤ᠋ ᠪᠠᠢᠳᠠᠯ ᠢ᠋ ᠤᠢᠯᠠᠭᠠᠬᠤ ᠳ᠋ᠤ᠌ ᠳᠦᠬᠦᠮ ᠦᠵᠡᠬᠦᠯᠦᠨ᠎ᠡ᠃Web ᠵᠠᠳᠠᠯᠤᠯᠳᠠ ᠵᠢᠨ ᠪᠠᠭᠠᠵᠢ ᠵᠢ ᠬᠠᠩᠭᠠᠭᠴᠢ ᠨᠢ Cookie ᠪᠤᠯᠤᠨ ᠪᠤᠰᠤᠳ ᠮᠡᠷᠭᠡᠵᠢᠯ ᠵᠢᠡᠷ ᠲᠠᠨ ᠤ᠋ ᠰᠦᠯᠵᠢᠶᠡᠨ ᠳᠡᠭᠡᠷᠡᠬᠢ ᠦᠢᠯᠡ ᠬᠥᠳᠡᠯᠭᠡᠭᠡᠨ ᠢ᠋ ᠣᠯᠵᠠᠯᠠᠵᠤ᠂ ᠪᠤᠷᠤᠭᠤᠯᠤᠭᠰᠠᠨ ᠨᠡᠷ᠎ᠡ ᠪᠡᠷ ᠪᠢᠳᠡᠨ ᠳ᠋ᠤ᠌ ᠡᠳᠡᠭᠡᠷ ᠰᠤᠷᠠᠭ ᠵᠠᠩᠬᠢ ᠵᠢ ᠬᠠᠩᠭᠠᠨ᠎ᠠ᠃ ᠪᠤᠰᠤᠳ ᠶᠠᠮᠠᠷᠪᠠ ᠰᠦᠯᠵᠢᠶᠡᠨ ᠤ᠋ ᠬᠡᠷᠡᠭᠯᠡᠭᠴᠢ ᠲᠤᠰ ᠰᠤᠷᠠᠭ ᠵᠠᠩᠬᠢ ᠵᠢ ᠢᠯᠠᠭᠠᠨ ᠳᠠᠨᠢᠵᠤ ᠴᠢᠳᠠᠬᠤ ᠥᠬᠡᠢ᠃
2᠂ ᠬᠤᠪᠢ ᠵᠢᠨ ᠰᠤᠷᠠᠭ ᠵᠠᠩᠬᠢ ᠵᠢ ᠠᠰᠢᠭᠯᠠᠬᠤ ᠪᠠᠢᠳᠠᠯ
    ᠪᠢᠳᠡ ᠬᠠᠤᠯᠢ ᠴᠠᠭᠠᠵᠠ ᠬᠠᠤᠯᠢ ᠳᠦᠷᠢᠮ ᠢ᠋ ᠬᠠᠳᠠᠭᠤ ᠰᠠᠬᠢᠵᠤ᠂ ᠮᠥᠨ ᠲᠠᠨ ᠲᠠᠢ ᠪᠣᠯᠵᠣᠨ ᠳᠤᠭᠳᠠᠭᠰᠠᠨ ᠶᠣᠰᠣᠭᠠᠷ ᠬᠣᠷᠢᠶᠠᠨ ᠴᠤᠭᠯᠠᠭᠤᠯᠤᠭᠰᠠᠨ ᠰᠤᠷᠠᠭ ᠵᠠᠩᠬᠢ ᠵᠢ ᠳᠠᠷᠠᠭᠠᠬᠢ ᠵᠦᠢᠯ ᠳ᠋ᠤ᠌ ᠬᠡᠷᠡᠭᠯᠡᠨ᠎ᠡ᠃ ᠬᠡᠷᠪᠡ ᠳᠠᠷᠠᠭᠠᠬᠢ ᠵᠦᠢᠯ ᠡᠴᠡ ᠪᠤᠰᠤᠳ ᠭᠠᠵᠠᠷ ᠬᠡᠷᠡᠭᠯᠡᠬᠦ ᠳ᠋ᠤ᠌ ᠬᠦᠷᠪᠡᠯ᠂ ᠪᠢᠳᠡ ᠳᠠᠬᠢᠨ ᠲᠠᠨ ᠳ᠋ᠤ᠌ ᠳᠤᠳᠤᠷᠬᠠᠢᠯᠠᠯᠳᠠ ᠬᠢᠵᠤ ᠲᠠᠨ ᠤ᠋ ᠵᠥᠪᠰᠢᠶᠡᠷᠡᠯ ᠢ᠋ ᠠᠪᠬᠤ ᠪᠤᠯᠤᠨ᠎ᠠ᠃
    1) ᠰᠢᠰᠲ᠋ᠧᠮ ᠤ᠋ᠨ ᠰᠣᠹᠲ ᠤ᠋ᠨ ᠳᠡᠯᠭᠡᠬᠦᠷ ᠲᠤ᠌ ᠠᠰᠢᠭᠯᠠᠬᠤ᠂ ᠰᠢᠰᠲ᠋ᠧᠮ ᠢ᠋ ᠰᠢᠨᠡᠴᠢᠯᠡᠵᠤ ᠬᠠᠮᠠᠭᠠᠯᠠᠬᠤ᠂ ᠪᠢᠤᠯᠤᠬᠢ ᠵᠢ ᠢᠯᠭᠠᠨ ᠳᠠᠨᠢᠬᠤ᠂ ᠰᠦᠯᠵᠢᠶᠡᠨ ᠳᠡᠭᠡᠷᠡᠬᠢ ᠦᠢᠯᠡᠴᠢᠯᠡᠬᠡ ᠵᠡᠷᠭᠡ ᠲᠠᠢ ᠬᠣᠯᠪᠣᠭᠳᠠᠭᠰᠠᠨ ᠱᠠᠭᠠᠷᠳᠠᠯᠭ᠎ᠠ
    2) ᠬᠠᠮᠢᠶᠠᠳᠠᠢ ᠰᠤᠷᠠᠭ ᠵᠠᠩᠬᠢ ᠵᠢ ᠠᠰᠢᠭᠯᠠᠨ ᠰᠢᠰᠲ᠋ᠧᠮ ᠪᠤᠯᠤᠨ ᠨᠡᠢᠭᠡᠮ ᠲᠣᠭᠣᠷᠢᠭ ᠤ᠋ᠨ ᠠᠶᠤᠯᠬᠦᠢ ᠴᠢᠨᠠᠷ᠂ ᠨᠠᠢᠳᠠᠪᠤᠷᠢᠳᠠᠢ ᠴᠢᠨᠠᠷ᠂ ᠳᠤᠭᠳᠠᠪᠤᠷᠢᠳᠤ ᠴᠢᠨᠠᠷ ᠤ᠋ᠨ ᠦᠢᠯᠡᠴᠢᠯᠡᠬᠡ ᠵᠢ ᠳᠡᠭᠡᠭᠰᠢᠯᠡᠬᠦᠯᠬᠦ
    3)  ᠪᠢᠳᠡ ᠬᠣᠷᠢᠶᠠᠨ ᠴᠤᠭᠯᠠᠭᠤᠯᠤᠭᠰᠠᠨ ᠰᠤᠷᠠᠭ ᠵᠠᠩᠬᠢ ᠵᠢ ᠠᠰᠢᠭᠯᠠᠵᠤ ( ᠲᠠᠨ ᠤ᠋ ᠳᠤᠰᠢᠶᠠᠭᠰᠠᠨ ᠢᠮᠸᠯ ᠬᠠᠶᠢᠭ᠂ ᠤᠳᠠᠰᠤ ᠵᠡᠷᠭᠡ) ᠲᠠᠨ ᠲᠠᠢ ᠰᠢᠭ᠋ᠤᠳ ᠬᠠᠷᠢᠯᠴᠠᠨ᠎ᠠ᠃ ᠵᠢᠱ᠌ᠢᠶᠡᠯᠡᠪᠡᠯ ᠠᠵᠢᠯ ᠬᠡᠷᠡᠭ ᠵᠢᠡᠷ ᠬᠠᠷᠢᠯᠴᠠᠬᠤ᠂ ᠮᠡᠷᠭᠡᠵᠢᠯ ᠤ᠋ᠨ ᠳᠡᠮᠵᠢᠯᠭᠡ ᠦᠵᠡᠬᠦᠯᠬᠦ ᠪᠤᠶᠤ ᠦᠢᠯᠡᠴᠢᠯᠡᠭᠡᠨ ᠤ᠋ ᠬᠠᠷᠢᠭᠤ ᠯᠠᠪᠯᠠᠬᠤ ᠵᠡᠷᠭᠡ᠃
    4) ᠪᠢᠳᠡ ᠬᠣᠷᠢᠶᠠᠨ ᠣᠯᠤᠭᠰᠠᠨ ᠳ᠋ᠠᠢᠲ᠋ᠠ ᠵᠢ ᠠᠰᠢᠭᠯᠠᠨ ᠪᠦᠳᠦᠭᠡᠭᠳᠡᠬᠦᠨ ᠤ᠋ ᠠᠰᠢᠭᠯᠠᠬᠤ ᠳ᠋ᠤ᠌ ᠬᠢᠯᠪᠠᠷ ᠴᠢᠨᠠᠷ ᠢ᠋ ᠳᠡᠭᠡᠭᠰᠢᠯᠡᠬᠦᠯᠬᠦ᠂ ᠪᠦᠳᠦᠬᠡᠭᠳᠡᠬᠦᠨ ᠤ᠋ ᠬᠡᠷᠡᠭᠯᠡᠭᠴᠢᠳ ᠤ᠋ᠨ ᠲᠤᠷᠰᠢᠯᠭ᠎ᠠ ᠵᠢ ᠳᠡᠬᠡᠭᠰᠢᠯᠡᠬᠦᠯᠬᠦ ( ᠵᠢᠱ᠌ᠢᠶᠡᠯᠡᠪᠡᠯ ᠰᠣᠹᠲ ᠤ᠋ᠨ ᠳᠡᠯᠭᠡᠬᠦᠷ ᠤ᠋ᠨ ᠣᠨᠴᠠᠭᠠᠢ ᠳᠠᠨᠢᠯᠴᠠᠭᠤᠯᠭ᠎ᠠ) ᠵᠢᠴᠢ ᠪᠦᠳᠦᠬᠡᠭᠳᠡᠬᠦᠨ ᠤ᠋ ᠳᠤᠳᠠᠭᠳᠠᠯ ᠢ᠋ ᠨᠥᠬᠥᠨ ᠰᠡᠷᠬᠦᠬᠡᠬᠦ ᠪᠤᠯᠤᠨ᠎ᠠ᠃
    5) ᠪᠢᠳᠡ ᠬᠣᠷᠢᠶᠠᠨ ᠣᠯᠤᠭᠰᠠᠨ ᠬᠡᠷᠡᠭᠯᠡᠭᠴᠢᠳ ᠤ᠋ᠨ ᠦᠢᠯᠡ ᠠᠵᠢᠯᠯᠠᠭᠠᠨ ᠤ᠋ ᠳ᠋ᠠᠢᠲ᠋ᠠ ᠵᠢ ᠲᠣᠮᠣ ᠳ᠋ᠠᠢᠲ᠋ᠠ ᠵᠢᠨ ᠵᠠᠳᠠᠯᠤᠨ ᠰᠢᠨᠵᠢᠯᠡᠯᠳᠡ ᠳ᠋ᠤ᠌ ᠬᠡᠷᠡᠭᠯᠡᠨ᠎ᠡ᠃ ᠵᠢᠱ᠌ᠢᠶᠡᠯᠡᠪᠡᠯ᠂ ᠪᠢᠳᠡ ᠬᠣᠷᠢᠶᠠᠨ ᠴᠤᠭᠯᠠᠭᠤᠯᠤᠭᠰᠠᠨ ᠰᠤᠷᠠᠭ ᠵᠠᠩᠬᠢ ᠵᠢ ᠶᠠᠮᠠᠷᠪᠠ ᠬᠤᠪᠢ ᠬᠥᠮᠦᠨ ᠤ᠋ ᠰᠤᠷᠠᠭ ᠵᠠᠩᠬᠢ ᠵᠢᠨ ᠬᠤᠳᠠ ᠵᠢᠨ ᠢᠯᠴᠢ ᠵᠢᠨ ᠬᠦᠴᠦᠨ ᠤ᠋ ᠵᠢᠷᠤᠭ ᠪᠤᠶᠤ ᠰᠠᠯᠪᠤᠷᠢ ᠵᠢᠨ ᠠᠵᠢᠭᠯᠠᠯᠳᠠ ᠵᠢᠨ ᠮᠡᠳᠡᠬᠦᠯᠦᠯᠳᠡ ᠳ᠋ᠤ᠌ ᠬᠡᠷᠡᠭᠯᠡᠨ᠎ᠡ᠃ ᠪᠢᠳᠡ ᠪᠦᠷᠢᠳᠬᠡᠵᠤ ᠪᠣᠯᠪᠠᠰᠤᠷᠠᠭᠤᠯᠤᠭᠰᠠᠨ ᠤ᠋ ᠳᠠᠷᠠᠭᠠᠬᠢ ᠪᠡᠶ᠎ᠡ ᠵᠢᠨ ᠭᠠᠷᠤᠯ ᠢ᠋ ᠢᠯᠭᠠᠨ ᠳᠠᠨᠢᠬᠤ ᠠᠭᠤᠯᠭ᠎ᠠ ᠪᠠᠭᠳᠠᠬᠤ ᠥᠬᠡᠢ ᠰᠤᠷᠠᠭ ᠵᠠᠩᠬᠢ ᠵᠢ ᠭᠠᠳᠠᠭᠰᠢ ᠢᠯᠡ ᠨᠡᠢᠳᠡᠯᠡᠬᠦ ᠪᠤᠶᠤ ᠮᠠᠨ ᠤ᠋ ᠬᠠᠮᠳᠤᠷᠠᠨ ᠠᠵᠢᠯᠯᠠᠭᠴᠢ ᠲᠠᠢ ᠬᠤᠪᠢᠶᠠᠯᠴᠠᠵᠤ᠂ ᠬᠡᠷᠡᠭᠯᠡᠭᠴᠢᠳ ᠮᠠᠨ ᠤ᠋ ᠦᠢᠯᠡᠴᠢᠯᠡᠬᠡ ᠵᠢ ᠬᠡᠷᠬᠢᠨ ᠠᠰᠢᠭᠯᠠᠵᠤ ᠪᠠᠢᠭ᠎ᠠ ᠵᠢ ᠤᠢᠯᠠᠭᠠᠬᠤ ᠪᠠ ᠣᠯᠠᠨ ᠨᠡᠢᠳᠡ ᠳ᠋ᠤ᠌ ᠦᠢᠯᠡᠴᠢᠯᠡᠬᠡᠨ ᠤ᠋ ᠪᠡᠨ ᠶᠡᠷᠦᠩᠬᠡᠢ ᠬᠡᠷᠡᠭᠯᠡᠬᠦ ᠬᠠᠨᠳᠤᠰᠢ ᠵᠢ ᠳᠠᠨᠢᠯᠴᠠᠭᠤᠯᠬᠤ ᠳ᠋ᠤ᠌ ᠠᠰᠢᠭᠯᠠᠨ᠎ᠠ᠃
    6) ᠬᠠᠮᠢᠶᠠᠳᠠᠢ ᠬᠠᠤᠯᠢ ᠴᠠᠭᠠᠵᠠ ᠬᠠᠤᠯᠢ ᠳᠦᠷᠢᠮ᠂ ᠪᠠᠢᠭᠤᠯᠭ᠎ᠠ ᠵᠢᠨ ᠳᠦᠷᠢᠮ ᠳᠤᠭᠳᠠᠭᠠᠯ᠂ ᠵᠠᠰᠠᠭ ᠤ᠋ᠨ ᠣᠷᠳᠣᠨ ᠤ᠋ ᠵᠠᠷᠯᠢᠭ ᠵᠡᠷᠭᠡ ᠬᠣᠯᠪᠣᠭᠳᠠᠬᠤ ᠱᠠᠭᠠᠷᠳᠠᠯᠭ᠎ᠠ ᠵᠢ ᠮᠥᠷᠳᠡᠨ ᠳᠠᠭᠠᠬᠤ ᠵᠢᠨ ᠲᠤᠯᠠᠳᠠ ᠠᠰᠢᠭᠯᠠᠨ᠎ᠠ᠃
ᠬᠣᠶᠠᠷ᠂ ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠬᠢᠨ ᠬᠠᠮᠳᠤᠪᠠᠷ ᠬᠤᠪᠢᠶᠠᠯᠴᠠᠬᠤ᠂ ᠰᠢᠯᠵᠢᠬᠦᠯᠦᠨ ᠥᠭᠬᠦ᠂ ᠢᠯᠡ ᠨᠡᠢᠳᠡᠯᠡᠬᠦ ᠲᠤᠬᠠᠢ
      ᠪᠢᠳᠡ ᠲᠠᠨ ᠤ᠋ ᠬᠤᠪᠢ ᠵᠢᠨ ᠰᠤᠷᠠᠭ ᠵᠠᠩᠬᠢ ᠵᠢ ᠭᠤᠷᠪᠠᠳᠠᠭᠴᠢ ᠡᠳᠡᠭᠡᠳ ᠲᠠᠢ ᠬᠠᠮᠳᠤᠪᠠᠷ ᠬᠤᠪᠢᠶᠠᠯᠴᠠᠬᠤ ᠪᠤᠶᠤ ᠰᠢᠯᠵᠢᠬᠦᠯᠦᠨ ᠥᠭᠬᠦ ᠥᠬᠡᠢ᠂ ᠬᠡᠪᠡᠴᠤ ᠳᠠᠷᠠᠭᠠᠬᠢ ᠳᠤᠬᠢᠶᠠᠯᠳᠤᠯ ᠢ᠋ ᠪᠠᠭᠳᠠᠭᠠᠬᠤ ᠥᠬᠡᠢ᠄
    1᠂ᠲᠠᠨ ᠤ᠋ ᠳᠠᠩ ᠭᠠᠭᠴᠠ ᠳᠤᠳᠤᠷᠬᠠᠢ ᠵᠥᠪᠰᠢᠶᠡᠷᠡᠯ ᠢ᠋ ᠣᠯᠤᠭᠰᠠᠨ ᠤ᠋ ᠳᠠᠷᠠᠭ᠎ᠠ᠂ ᠪᠢᠳᠡ ᠭᠤᠷᠪᠠᠳᠠᠭᠴᠢ ᠡᠳᠡᠭᠡᠳ ᠲᠠᠢ ᠲᠠᠨ ᠤ᠋ ᠬᠤᠪᠢ ᠵᠢᠨ ᠰᠤᠷᠠᠭ ᠵᠠᠩᠬᠢ ᠵᠢ ᠬᠤᠪᠢᠶᠠᠯᠴᠠᠨ᠎ᠠ᠃
    2 ᠭᠠᠳᠠᠷ ᠬᠡᠰᠡᠭ ᠤ᠋ᠨ ᠰᠢᠢᠳᠪᠦᠷᠢᠯᠡᠯᠳᠡ ᠵᠢᠨ ᠬᠠᠷᠠᠯᠳᠠ ᠵᠢ ᠪᠡᠶᠡᠯᠡᠬᠦᠯᠬᠦ ᠵᠢᠨ ᠳᠦᠯᠦᠭᠡ ᠪᠢᠳᠡ ᠬᠣᠯᠪᠣᠭᠳᠠᠯ ᠪᠦᠬᠦᠢ ᠺᠣᠮᠫᠠᠨᠢ ᠡᠰᠡᠪᠡᠯ ᠭᠤᠷᠪᠠᠳᠠᠭᠴᠢ ᠬᠠᠮᠳᠤᠷᠠᠨ ᠠᠵᠢᠯᠯᠠᠭᠴᠢ ( ᠭᠤᠷᠪᠠᠳᠠᠭᠴᠢ ᠦᠢᠯᠡᠴᠢᠯᠡᠬᠡᠨ ᠤ᠋ ᠬᠠᠩᠭᠠᠯᠭ᠎ᠠ ᠵᠢᠨ ᠬᠤᠳᠠᠯᠳᠤᠭᠠᠴᠢᠨ᠂ ᠳᠠᠭᠠᠭᠠᠴᠢᠯᠠᠭᠰᠠᠨ ᠬᠤᠳᠠᠯᠳᠤᠭᠠᠴᠢᠨ᠂ ᠣᠷᠣᠯᠠᠨ ᠪᠣᠷᠣᠯᠠᠭᠤᠯᠤᠭᠴᠢ᠂ ᠬᠡᠷᠡᠭᠯᠡᠬᠡᠨ ᠤ᠋ ᠨᠡᠬᠡᠬᠡᠨ ᠬᠦᠭᠵᠢᠬᠦᠯᠦᠭᠴᠢ ᠵᠡᠷᠭᠡ) ᠲᠠᠢ ᠲᠠᠨ ᠤ᠋ ᠬᠤᠪᠢ ᠵᠢᠨ ᠰᠤᠷᠠᠭ ᠵᠠᠩᠬᠢ ᠵᠢ ᠬᠤᠪᠢᠶᠠᠯᠴᠠᠬᠤ ᠪᠤᠯᠤᠨ᠎ᠠ᠃ ᠪᠢᠳᠡ ᠲᠠᠨ ᠤ᠋ ᠳᠤᠳᠤᠷᠬᠠᠢ ᠵᠥᠪᠰᠢᠶᠡᠷᠡᠯ ᠢ᠋ ᠣᠯᠤᠭᠰᠠᠨ ᠤ᠋ ᠳᠠᠷᠠᠭ᠎ᠠ᠂ ᠨᠢᠭᠤᠴᠠᠯᠠᠬᠤ᠂ ᠨᠡᠷ᠎ᠡ ᠪᠤᠷᠤᠭᠤᠯᠠᠬᠤ ᠵᠡᠷᠭᠡ ᠠᠷᠭ᠎ᠠ ᠪᠡᠷ ᠲᠠᠨ ᠤ᠋ ᠰᠤᠷᠠᠭ ᠵᠠᠩᠬᠢ ᠵᠢᠨ ᠠᠮᠤᠷ ᠳᠦᠪᠰᠢᠨ ᠢ᠋ ᠪᠠᠳᠤᠯᠠᠨ᠎ᠠ᠃
    3᠂ ᠪᠢᠳᠡ ᠬᠣᠷᠢᠶᠠᠨ ᠴᠤᠭᠯᠠᠭᠤᠯᠤᠭᠰᠠᠨ ᠬᠤᠪᠢ ᠵᠢᠨ ᠰᠤᠷᠠᠭ ᠵᠠᠩᠬᠢ ᠵᠢ ᠭᠠᠳᠠᠭᠰᠢ ᠢᠯᠡ ᠵᠠᠳᠠᠷᠠᠭᠤᠯᠬᠤ ᠥᠬᠡᠢ᠂ ᠬᠡᠷᠪᠡ ᠡᠷᠬᠡᠪᠰᠢ ᠵᠠᠳᠠᠷᠠᠭᠤᠯᠬᠤ ᠴᠢᠬᠤᠯᠠᠳᠠᠢ ᠪᠣᠯ ᠲᠠᠨ ᠳ᠋ᠤ᠌ ᠵᠠᠳᠠᠷᠠᠭᠤᠯᠬᠤ ᠵᠣᠷᠢᠯᠭ᠎ᠠ᠂ ᠵᠠᠳᠠᠷᠠᠭᠤᠯᠬᠤ ᠰᠤᠷᠠᠭ ᠵᠠᠩᠬᠢ ᠵᠢᠨ ᠲᠥᠷᠥᠯ᠂ ᠬᠣᠯᠪᠣᠭᠳᠠᠵᠤ ᠮᠡᠳᠡᠬᠦ ᠡᠮᠵᠡᠭ ᠮᠡᠳᠡᠭᠡᠯᠡᠯ ᠵᠡᠷᠭᠡ ᠵᠢ ᠳᠤᠳᠤᠷᠬᠠᠢᠯᠠᠵᠤ᠂ ᠲᠠᠨ ᠤ᠋ ᠳᠤᠳᠤᠷᠬᠠᠢ ᠵᠥᠪᠰᠢᠶᠡᠷᠡᠯ ᠢ᠋ ᠠᠪᠬᠤ ᠪᠤᠯᠤᠨ᠎ᠠ᠃
    4᠂ ᠮᠠᠨ ᠤ᠋ ᠠᠵᠢᠯ ᠦᠢᠯᠡᠰ ᠬᠥᠭᠵᠢᠬᠦ ᠵᠢ ᠳᠠᠭᠠᠯᠳᠤᠨ ᠬᠠᠮᠳᠤᠷᠠᠭᠤᠯᠬᠤ᠂ ᠬᠤᠳᠠᠯᠳᠤᠨ ᠠᠪᠬᠤ᠂ ᠬᠦᠷᠦᠩᠭᠡ ᠰᠢᠯᠵᠢᠬᠦᠯᠬᠦ ᠵᠡᠷᠭᠡ ᠠᠷᠠᠯᠵᠢᠶ᠎ᠠ ᠬᠢᠵᠤ ᠮᠡᠳᠡᠨ᠎ᠡ᠃ ᠭᠡᠬᠦ ᠳ᠋ᠤ᠌ ᠪᠡᠨ ᠪᠢᠳᠡ ᠬᠠᠮᠢᠶᠠᠳᠠᠢ ᠵᠦᠢᠯ ᠢ᠋ ᠲᠠᠨ ᠳ᠋ᠤ᠌ ᠮᠡᠳᠡᠭᠳᠡᠵᠤ᠂ ᠲᠠᠨ ᠤ᠋ ᠳᠤᠳᠤᠷᠬᠠᠢ ᠵᠥᠪᠰᠢᠶᠡᠷᠡᠯ ᠢ᠋ ᠠᠪᠤᠭᠰᠠᠨ ᠤ᠋ ᠳᠠᠷᠠᠭ᠎ᠠ᠂ ᠬᠠᠤᠯᠢ ᠴᠠᠭᠠᠵᠠ ᠬᠠᠤᠯᠢ ᠳᠦᠷᠢᠮ ᠤ᠋ᠨ ᠲᠠᠭᠠᠤ᠂ ᠵᠢᠴᠢ ᠲᠤᠰ ᠢᠯᠡᠷᠬᠡᠢᠯᠡᠯᠳᠡ ᠳ᠋ᠤ᠌ ᠱᠠᠭᠠᠷᠳᠠᠭᠰᠠᠨ ᠪᠠᠷᠢᠮᠵᠢᠶ᠎ᠠ ᠡᠴᠡ ᠳᠤᠤᠭᠤᠷ ᠪᠤᠰᠤ ᠪᠡᠷ ᠰᠢᠨ᠎ᠡ ᠡᠵᠡᠮᠳᠡᠭᠴᠢ ᠳ᠋ᠤ᠌ ᠲᠠᠨ ᠤ᠋ ᠬᠤᠪᠢ ᠵᠢᠨ ᠰᠤᠷᠠᠭ ᠵᠠᠩᠬᠢ ᠵᠢ ᠦᠷᠬᠦᠯᠵᠢᠯᠡᠨ ᠬᠠᠮᠠᠭᠠᠯᠠᠬᠤ ᠵᠢ ᠱᠠᠭᠠᠷᠳᠠᠨ᠎ᠠ᠃
    5᠂ ᠬᠡᠷᠪᠡ ᠪᠢᠳᠡ ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠡᠭᠯᠡᠬᠦ ᠦᠶ᠎ᠡ ᠳ᠋ᠤ᠌᠂ ᠬᠣᠷᠢᠶᠠᠨ ᠴᠤᠭᠯᠠᠭᠤᠯᠬᠤ ᠦᠶ᠎ᠡ ᠳ᠋ᠤ᠌ ᠳᠤᠷᠠᠳᠤᠭᠰᠠᠨ ᠬᠠᠷᠠᠯᠳᠠ ᠵᠢᠴᠢ ᠰᠢᠭ᠋ᠤᠳ ᠪᠤᠶᠤ ᠵᠤᠬᠢᠰᠳᠠᠢ ᠬᠣᠯᠪᠣᠭᠠᠰᠤᠨ ᠤ᠋ ᠬᠡᠪᠴᠢᠶ᠎ᠡ ᠡᠴᠡ ᠳᠠᠪᠠᠭᠰᠠᠨ ᠪᠣᠯ᠂ ᠪᠢᠳᠡ ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠡᠭᠯᠡᠬᠦ ᠡᠴᠡ ᠡᠮᠦᠨ᠎ᠡ ᠲᠠᠨ ᠳ᠋ᠤ᠌ ᠮᠡᠳᠡᠭᠳᠡᠵᠤ ᠲᠠᠨ ᠤ᠋ ᠳᠤᠳᠤᠷᠬᠠᠢ ᠵᠥᠪᠰᠢᠶᠡᠷᠡᠯ ᠢ᠋ ᠠᠪᠬᠤ ᠪᠤᠯᠤᠨ᠎ᠠ᠃
    6᠂ ᠠᠵᠢᠯ ᠦᠢᠯᠡᠰ ᠤ᠋ᠨ ᠬᠠᠮᠳᠤᠷᠠᠭᠴᠢ ᠲᠠᠢ ᠬᠤᠪᠢᠶᠠᠯᠴᠠᠨ᠎ᠠ᠃ ᠪᠢᠳᠡ ᠬᠠᠮᠳᠤᠷᠠᠨ ᠠᠵᠢᠯᠯᠠᠭᠴᠢ ᠭᠡᠬᠦ ᠮᠡᠳᠦ ᠭᠤᠷᠪᠠᠳᠠᠭᠴᠢ ᠡᠳᠡᠭᠡᠳ ᠲᠠᠢ ᠲᠠᠨ ᠤ᠋ ᠬᠤᠪᠢ ᠵᠢᠨ ᠰᠤᠷᠠᠭ ᠵᠠᠩᠬᠢ ᠵᠢ ᠬᠤᠪᠢᠶᠠᠯᠴᠠᠵᠤ ᠮᠡᠳᠡᠨ᠎ᠡ᠃ ᠬᠡᠪᠡᠴᠤ ᠵᠥᠪᠬᠡᠨ ᠬᠠᠤᠯᠢ ᠶᠣᠰᠣᠨ ᠤ᠋᠂ ᠵᠦᠢ ᠵᠤᠬᠢᠰᠳᠠᠢ᠂ ᠱᠠᠭᠠᠷᠳᠠᠯᠭ᠎ᠠ ᠲᠠᠢ᠂ ᠣᠨᠴᠠᠭᠠᠢ ᠪᠠᠢᠳᠠᠯ ᠳ᠋ᠤ᠌᠂ ᠳᠤᠳᠤᠷᠬᠠᠢ ᠬᠠᠷᠠᠯᠳᠠ ᠲᠠᠢ ᠪᠡᠷ ᠲᠠᠨ ᠤ᠋ ᠬᠤᠪᠢ ᠵᠢᠨ ᠰᠤᠷᠠᠭ ᠵᠠᠩᠬᠢ ᠵᠢ ᠬᠤᠪᠢᠶᠠᠯᠴᠠᠨ᠎ᠠ᠃ ᠭᠡᠬᠦ ᠳ᠋ᠤ᠌ ᠪᠡᠨ ᠵᠥᠪᠬᠡᠨ ᠦᠢᠯᠡᠴᠢᠯᠡᠬᠡ ᠬᠦᠷᠳᠡᠭᠡᠬᠦ ᠦᠶ᠎ᠡ ᠳ᠋ᠤ᠌ ᠬᠡᠷᠡᠭᠰᠡᠬᠦ ᠬᠤᠪᠢ ᠵᠢᠨ ᠰᠤᠷᠠᠭ ᠵᠠᠩᠬᠢ ᠵᠢ ᠬᠤᠪᠢᠶᠠᠯᠴᠠᠨ᠎ᠠ᠃ ᠮᠠᠨ ᠤ᠋ ᠬᠠᠮᠳᠤᠷᠠᠨ ᠠᠵᠢᠯᠯᠠᠭᠴᠢ ᠳ᠋ᠤ᠌᠄
      1) ᠨᠡᠭᠡᠭᠡᠨ ᠬᠥᠭᠵᠢᠭᠦᠯᠦᠭᠴᠢ᠂ ᠳᠠᠪᠴᠠᠩ᠂ ᠨᠡᠢᠳᠡ ᠵᠢᠨ ᠬᠠᠷᠢᠯᠴᠠᠭᠠᠨ ᠤ᠋ ᠵᠠᠭᠤᠴᠢᠯᠠᠭᠤᠷ᠄ ᠵᠠᠷᠢᠮ ᠪᠦᠳᠦᠬᠡᠭᠳᠡᠬᠦᠨ ᠪᠤᠶᠤ ᠦᠢᠯᠡᠴᠢᠯᠡᠬᠡ ᠵᠢ ᠭᠤᠷᠪᠠᠳᠠᠭᠴᠢ ᠡᠳᠡᠭᠡᠳ ᠰᠢᠭ᠋ᠤᠳ ᠬᠠᠩᠭᠠᠬᠤ ᠪᠣᠯᠬᠣᠷ ᠪᠢᠳᠡ ᠠᠷᠠᠯᠵᠢᠶᠠᠯᠠᠬᠤ ᠦᠶ᠎ᠡ ᠳ᠋ᠤ᠌ ᠬᠣᠯᠪᠣᠭᠳᠠᠬᠤ ᠰᠤᠷᠠᠭ ᠵᠠᠩᠬᠢ ᠵᠢ ᠳᠡᠳᠡᠨᠡᠷ ᠲᠤ᠌ ᠬᠠᠩᠭᠠᠵᠤ ᠲᠠᠨ ᠤ᠋ ᠬᠡᠷᠡᠭᠴᠡᠭᠡ ᠱᠠᠭᠠᠷᠳᠠᠯᠭ᠎ᠠ ᠵᠢ ᠪᠡᠶᠡᠯᠡᠬᠦᠯᠦᠨ᠎ᠡ᠃ ᠵᠢᠱ᠌ᠢᠶᠡᠯᠡᠪᠡᠯ᠂ ᠬᠡᠷᠪᠡ ᠲᠠ ᠪᠢᠳᠡᠨᠡᠷ ᠤ᠋ᠨ ᠬᠠᠩᠭᠠᠭᠰᠠᠨ ᠦᠢᠯᠡᠴᠢᠯᠡᠬᠡ ᠪᠤᠶᠤ ᠪᠦᠳᠦᠭᠡᠭᠳᠡᠬᠦᠨ ᠢ᠋ ᠢᠳᠡᠪᠬᠢᠵᠢᠬᠦᠯᠬᠦ ᠡᠰᠡᠪᠡᠯ ᠬᠤᠯᠪᠤᠭᠠᠰᠤᠯᠠᠬᠤ᠂ ᠭᠤᠷᠪᠠᠳᠠᠭᠴᠢ ᠡᠳᠡᠭᠡᠳ ᠤ᠋ᠨ ᠳᠠᠪᠴᠠᠩ ᠪᠤᠶᠤ ᠨᠡᠢᠳᠡ ᠵᠢᠨ ᠬᠠᠷᠢᠯᠴᠠᠭᠠᠨ ᠤ᠋ ᠵᠠᠭᠤᠴᠢᠯᠠᠭᠤᠷ ᠲᠠᠢ ᠬᠤᠯᠪᠤᠭᠠᠰᠤᠯᠠᠬᠤ ᠳ᠋ᠤ᠌ ( ᠭᠤᠷᠪᠠᠳᠠᠭᠴᠢ ᠡᠳᠡᠭᠡᠳ ᠤ᠋ᠨ ᠰᠦᠯᠵᠢᠶ᠎ᠡ ᠪᠡᠷ ᠰᠢᠭ᠋ᠤᠳ ᠨᠡᠪᠳᠡᠷᠡᠬᠦ᠂ ᠬᠡᠢᠰᠪᠦᠷᠢ ᠨᠡᠪᠳᠡᠷᠡᠬᠦ᠂ ᠬᠤᠯᠪᠤᠭᠠᠰᠤᠯᠠᠵᠤ ᠨᠡᠪᠳᠡᠷᠡᠬᠦ) ᠪᠢᠳᠡ ᠲᠠᠨ ᠤ᠋ ᠵᠥᠪᠰᠢᠶᠡᠷᠡᠭᠰᠡᠨ ᠤ᠋ ᠳᠠᠭᠠᠤ ᠬᠤᠪᠢ ᠵᠢᠨ ᠰᠤᠷᠠᠭ ᠵᠠᠩᠬᠢ ᠵᠢ ᠴᠢᠨᠢ ᠵᠠᠳᠠᠷᠠᠭᠤᠯᠵᠤ ᠮᠡᠳᠡᠨ᠎ᠡ᠃ ᠪᠢᠳᠡ ᠭᠤᠷᠪᠠᠳᠠᠭᠴᠢ ᠡᠳᠡᠭᠡᠳ ᠤ᠋ᠨ ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠡᠭᠯᠡᠬᠦ ᠵᠢ ᠡᠵᠡᠮᠳᠡᠬᠦ ᠥᠬᠡᠢ᠃
      2) ᠦᠢᠯᠡᠴᠢᠯᠡᠬᠡᠨ ᠤ᠋ ᠬᠠᠩᠭᠠᠯᠭ᠎ᠠ ᠵᠢᠨ ᠬᠤᠳᠠᠯᠳᠤᠭᠠᠴᠢᠨ ᠪᠠ ᠳᠤᠰᠬᠠᠢ ᠮᠡᠷᠭᠡᠵᠢᠯ ᠤ᠋ᠨ ᠦᠢᠯᠡᠴᠢᠯᠡᠬᠡᠨ ᠤ᠋ ᠬᠠᠩᠭᠠᠯᠭ᠎ᠠ ᠵᠢᠨ ᠬᠤᠳᠠᠯᠳᠤᠭᠠᠴᠢᠨ᠄ ᠪᠢᠳᠡ ᠲᠠᠨ ᠤ᠋ ᠬᠤᠪᠢ ᠵᠢᠨ ᠰᠤᠷᠠᠭ ᠵᠠᠩᠬᠢ ᠵᠢ ᠮᠠᠨ ᠤ᠋ ᠵᠢᠭᠠᠪᠤᠷᠢ ᠶᠣᠰᠣᠭᠠᠷ ᠦᠢᠯᠡᠴᠢᠯᠡᠭᠡ᠂ ᠪᠦᠳᠦᠬᠡᠭᠳᠡᠬᠦᠨ ᠬᠠᠩᠭᠠᠵᠤ ᠪᠠᠢᠭ᠎ᠠ᠂ ᠮᠥᠨ ᠰᠦᠯᠵᠢᠶ᠎ᠡ ᠵᠢ ᠳᠡᠮᠵᠢᠭᠴᠢ ᠭᠤᠷᠪᠠᠳᠠᠭᠴᠢ ᠡᠳᠡᠭᠡᠳ ᠲᠠᠢ ᠬᠤᠪᠢᠶᠠᠯᠴᠠᠬᠤ ᠪᠤᠯᠤᠨ᠎ᠠ᠃ ᠡᠬᠦᠨ ᠳ᠋ᠤ᠌ ᠮᠠᠨ ᠤ᠋ ᠬᠠᠩᠭᠠᠬᠤ ᠰᠠᠭᠤᠷᠢ ᠳᠦᠬᠦᠬᠡᠷᠦᠮᠵᠢ ᠵᠢᠨ ᠲᠸᠭᠨᠢᠭ ᠮᠡᠷᠭᠡᠵᠢᠯ ᠤ᠋ᠨ ᠦᠢᠯᠡᠴᠢᠯᠡᠬᠡ᠂ ᠨᠠᠢᠳᠠᠨ ᠬᠠᠮᠢᠶᠠᠷᠤᠭᠤᠯᠬᠤ᠂ ᠬᠡᠷᠡᠭᠯᠡᠭᠴᠢ ᠵᠢᠨ ᠳᠡᠮᠵᠢᠯᠭᠡ᠂ ᠵᠠᠬ᠎ᠠ ᠳᠡᠯᠭᠡᠬᠦᠷ ᠤ᠋ᠨ ᠰᠤᠷᠳᠠᠯᠴᠢᠯᠠᠭ᠎ᠠ ᠬᠢᠬᠡᠳ ᠵᠠᠳᠠᠯᠤᠯᠳᠠ᠂ ᠰᠤᠷᠠᠭ ᠵᠠᠩᠬᠢ ᠰᠢᠢᠳᠪᠦᠷᠢᠯᠡᠬᠦ ᠦᠢᠯᠡᠴᠢᠯᠡᠬᠡ ᠵᠡᠷᠭᠡ ᠵᠢ ᠬᠠᠮᠤᠷᠤᠭᠰᠠᠨ ᠭᠤᠷᠪᠠᠳᠠᠭᠴᠢ ᠡᠳᠡᠭᠡᠳ ᠪᠠᠭᠳᠠᠨ᠎ᠠ᠃ ᠮᠠᠨ ᠤ᠋ ᠡᠳᠡᠭᠡᠷ ᠰᠤᠷᠠᠭ ᠵᠠᠩᠬᠢ ᠵᠢ  ᠬᠤᠪᠢᠶᠠᠯᠴᠠᠬᠤ ᠵᠣᠷᠢᠯᠭ᠎ᠠ ᠨᠢ ᠵᠥᠪᠬᠡᠨ ᠲᠤᠰ ᠢᠯᠡᠷᠬᠡᠢᠯᠡᠯᠳᠡ ᠵᠢ ᠵᠠᠳᠠᠷᠠᠭᠤᠯᠬᠤ ᠪᠤᠶᠤ ᠲᠠᠨ ᠤ᠋ ᠵᠥᠪᠰᠢᠶᠡᠷᠡᠬᠦ ᠬᠡᠪᠴᠢᠶᠡᠨ ᠳ᠋ᠤ᠌ ᠶᠠᠪᠤᠭᠳᠠᠨ᠎ᠠ᠂ ᠵᠢᠱ᠌ᠢᠶ᠎ᠡ ᠨᠢ ᠪᠠᠢ ᠳᠦ ᠭᠡᠬᠦ ᠮᠡᠳᠦ᠃ ᠪᠢᠳᠡ ᠬᠢᠨᠠᠨ ᠪᠤᠳᠤᠯᠳᠠ᠂ ᠳᠠᠭᠠᠳᠬᠠᠯ᠂ ᠮᠥᠩᠭᠥᠨ ᠬᠦᠢᠯᠭᠡᠭᠡ᠂ ᠬᠠᠤᠯᠢ ᠴᠠᠭᠠᠵᠠ ᠵᠡᠷᠭᠡ ᠳᠤᠰᠬᠠᠢ ᠦᠢᠯᠡᠴᠢᠯᠡᠭᠡ ᠬᠦᠷᠳᠡᠬᠦ ᠦᠶ᠎ᠡ ᠳ᠋ᠤ᠌ ᠬᠠᠮᠢᠶᠠᠳᠠᠢ ᠳᠤᠰᠬᠠᠢ ᠮᠡᠷᠭᠡᠵᠢᠯᠳᠡᠨ ᠲᠠᠢ ᠲᠠᠨ ᠤ᠋ ᠬᠤᠪᠢ ᠵᠢᠨ ᠰᠤᠷᠠᠭ ᠵᠠᠩᠬᠢ ᠵᠢ ᠬᠤᠪᠢᠶᠠᠯᠴᠠᠨ᠎ᠠ᠃
    ᠪᠢᠳᠡ ᠳᠡᠭᠡᠷ᠎ᠡ ᠶᠠᠷᠢᠭᠰᠠᠨ ᠠᠭᠤᠯᠭ᠎ᠠ ᠵᠢ ᠬᠣᠯᠪᠣᠭᠳᠠᠬᠤ ᠺᠣᠮᠫᠠᠨᠢ ᠪᠤᠶᠤ ᠬᠠᠮᠳᠤᠷᠠᠨ ᠠᠵᠢᠯᠯᠠᠭᠴᠢ ᠲᠠᠢ ᠬᠤᠪᠢᠶᠠᠯᠴᠠᠬᠤ ᠦᠶ᠎ᠡ ᠳ᠋ᠤ᠌᠂ ᠭᠡᠷ᠎ᠡ ᠪᠡᠷ ᠳᠡᠳᠡᠨᠡᠷ ᠤ᠋ᠨ ᠡᠬᠦᠷᠭᠡ ᠬᠠᠷᠢᠭᠤᠴᠠᠯᠭ᠎ᠠ ᠵᠢ ᠳᠤᠳᠤᠷᠬᠠᠢᠯᠠᠵᠤ᠂ ᠡᠷᠬᠡᠪᠰᠢ ᠱᠠᠭᠠᠷᠳᠠᠭᠳᠠᠬᠤ ᠠᠷᠭ᠎ᠠ ᠠᠪᠴᠠᠯ ᠵᠢᠡᠷ ᠲᠠᠨ ᠤ᠋ ᠬᠤᠪᠢ ᠵᠢᠨ ᠰᠤᠷᠠᠭ ᠵᠠᠩᠬᠢ ᠵᠢ ᠬᠠᠮᠠᠭᠠᠯᠠᠬᠤ ᠵᠢ ᠱᠠᠭᠠᠷᠳᠠᠨ᠎ᠠ᠃
    7᠂ ᠡᠷᠬᠡ ᠣᠯᠭᠣᠬᠤ ᠵᠥᠪᠰᠢᠶᠡᠷᠡᠯ ᠡᠴᠡ ᠭᠠᠳᠠᠨ᠎ᠠ ᠣᠨᠴᠠᠭᠠᠢ ᠪᠠᠢᠳᠠᠯ
    ᠬᠠᠮᠢᠶᠠᠳᠠᠢ ᠬᠠᠤᠯᠢ ᠴᠠᠭᠠᠵᠠ ᠬᠠᠤᠯᠢ ᠳᠦᠷᠢᠮ ᠵᠢᠴᠢ ᠤᠯᠤᠰ ᠤ᠋ᠨ ᠪᠠᠷᠢᠮᠵᠢᠶ᠎ᠠ ᠵᠢ ᠦᠨᠳᠦᠰᠦᠯᠡᠨ᠂ ᠳᠤᠤᠷᠠᠬᠢ ᠪᠠᠢᠳᠠᠯ ᠳ᠋ᠤ᠌ ᠪᠢᠳᠡ ᠲᠠᠨ ᠤ᠋ ᠬᠤᠪᠢ ᠵᠢᠨ ᠰᠤᠷᠠᠭ ᠵᠠᠩᠬᠢ ᠵᠢ ᠲᠠᠨ ᠤ᠋ ᠵᠥᠪᠰᠢᠶᠡᠷᠡᠯ ᠥᠬᠡᠢ ᠪᠡᠷ ᠬᠣᠷᠢᠶᠠᠨ ᠴᠤᠭᠯᠠᠭᠤᠯᠵᠤ ᠠᠰᠢᠭᠯᠠᠬᠤ ᠪᠤᠯᠤᠨ᠎ᠠ᠄
      1) ᠤᠯᠤᠰ ᠤ᠋ᠨ ᠠᠮᠤᠷ ᠳᠦᠪᠰᠢᠨ᠂ ᠤᠯᠤᠰ ᠤ᠋ᠨ ᠪᠠᠳᠤᠯᠠᠨ ᠬᠠᠮᠠᠭᠠᠯᠠᠯᠳᠠ ᠵᠢᠨ ᠠᠮᠤᠷ ᠳᠦᠪᠰᠢᠨ ᠵᠡᠷᠭᠡ ᠤᠯᠤᠰ ᠤ᠋ᠨ ᠠᠰᠢᠭ᠋ ᠲᠤᠰᠠ ᠲᠠᠢ ᠰᠢᠭ᠋ᠤᠳ ᠬᠣᠯᠪᠣᠭᠳᠠᠭᠰᠠᠨ ᠦᠶ᠎ᠡ ᠳ᠋ᠤ᠌
      2) ᠨᠡᠢᠳᠡ ᠵᠢᠨ ᠠᠮᠤᠷ ᠳᠦᠪᠰᠢᠨ᠂ ᠨᠡᠢᠳᠡ ᠵᠢᠨ ᠡᠷᠡᠭᠦᠯ ᠬᠠᠮᠠᠭᠠᠯᠠᠯ᠂ ᠣᠯᠠᠨ ᠨᠡᠢᠳᠡ ᠵᠢᠨ ᠪᠠᠢᠳᠠᠯ ᠢ᠋ ᠮᠡᠳᠡᠬᠦ ᠵᠡᠷᠭᠡ ᠲᠣᠮᠣ ᠴᠢᠬᠤᠯᠠ ᠨᠡᠢᠬᠡᠮ ᠨᠡᠢᠳᠡ ᠵᠢᠨ ᠠᠰᠢᠭ᠋ ᠲᠤᠰᠠ ᠲᠠᠢ ᠰᠢᠭ᠋ᠤᠳ ᠬᠣᠯᠪᠣᠭᠳᠠᠭᠰᠠᠨ ᠦᠶ᠎ᠡ ᠳ᠋ᠤ᠌
      3) ᠶᠠᠯᠠᠳᠤ ᠬᠡᠷᠡᠭ ᠤ᠋ᠨ ᠲᠠᠩᠨᠠᠨ ᠪᠠᠢᠴᠠᠭᠠᠬᠤ᠂ ᠵᠠᠭᠠᠯᠳᠤᠬᠤ᠂ ᠰᠢᠬᠦᠨ ᠳᠠᠰᠤᠯᠬᠤ ᠪᠠ ᠰᠢᠬᠦᠨ ᠳᠠᠰᠤᠯᠤᠯᠳᠠ ᠵᠢ ᠬᠦᠢᠴᠡᠳᠬᠡᠬᠦ ᠵᠡᠷᠭᠡ ᠲᠠᠢ ᠬᠣᠯᠪᠣᠭᠳᠠᠭᠰᠠᠨ ᠬᠠᠮᠢᠶᠠᠳᠠᠢ ᠦᠢᠯᠡ ᠠᠵᠢᠯᠯᠠᠭᠠᠨ ᠳ᠋ᠤ᠌
      4) ᠲᠠ ᠪᠤᠯᠤᠨ ᠪᠤᠰᠤᠳ ᠬᠡᠨ ᠨᠢᠭᠡᠨ ᠤ᠋ ᠠᠮᠢ ᠨᠠᠰᠤ᠂ ᠡᠳ᠋ ᠬᠦᠷᠦᠩᠭᠡ ᠵᠡᠷᠭᠡ ᠲᠣᠮᠣ ᠴᠢᠬᠤᠯᠠ ᠬᠠᠤᠯᠢ ᠶᠣᠰᠣᠨ ᠤ᠋ ᠡᠷᠬᠡ ᠠᠰᠢᠭ᠋ ᠢ᠋ ᠬᠠᠮᠠᠭᠠᠯᠠᠬᠤ ᠡᠬᠦᠳᠡᠨ ᠡᠴᠡ ᠪᠣᠯᠤᠭᠰᠠᠨ ᠪᠠᠴᠢᠮ ᠪᠠᠢᠳᠠᠯ ᠳ᠋ᠤ᠌
      5) ᠬᠣᠷᠢᠶᠠᠨ ᠣᠯᠤᠭᠰᠠᠨ ᠬᠤᠪᠢ ᠵᠢᠨ ᠰᠤᠷᠠᠭ ᠵᠠᠩᠬᠢ ᠨᠢ ᠲᠠᠨ ᠤ᠋ ᠥᠪᠡᠷ ᠵᠢᠨᠨ ᠨᠡᠢᠬᠡᠮ ᠳ᠋ᠤ᠌ ᠢᠯᠡ ᠪᠡᠷ ᠨᠡᠢᠳᠡᠯᠡᠵᠤ ᠥᠩᠭᠡᠷᠡᠭᠰᠡᠨ ᠦᠶ᠎ᠡ ᠳ᠋ᠤ᠌
      6) ᠬᠠᠤᠯᠢ ᠶᠣᠰᠣᠭᠠᠷ ᠢᠯᠡ ᠨᠡᠢᠳᠡᠯᠡᠭᠰᠡᠨ ᠮᠡᠳᠡᠭᠡ ᠡᠴᠡ ᠣᠯᠤᠭᠰᠠᠨ ᠬᠤᠪᠢ ᠵᠢᠨ ᠰᠤᠷᠠᠭ ᠵᠠᠩᠬᠢ᠂ ᠵᠢᠱ᠌ᠢᠶᠡᠯᠡᠪᠡᠯ ᠬᠠᠤᠯᠢ ᠶᠣᠰᠣᠨ ᠤ᠋ ᠰᠣᠨᠢᠨ ᠮᠡᠳᠡᠭᠡ᠂ ᠵᠠᠰᠠᠭ ᠤ᠋ᠨ ᠣᠷᠳᠣᠨ ᠤ᠋ ᠰᠤᠷᠠᠭ ᠵᠠᠩᠬᠢ ᠵᠢ ᠢᠯᠡ ᠨᠡᠢᠳᠡᠯᠡᠬᠦ ᠰᠤᠪᠠᠭ ᠵᠡᠷᠭᠡ ᠳ᠋ᠤ᠌
      7) ᠲᠠᠨ ᠤ᠋ ᠭᠠᠷ ᠤ᠋ᠨ ᠦᠰᠦᠭ ᠵᠢᠷᠤᠭᠰᠠᠨ ᠪᠤᠶᠤ ᠬᠡᠷᠡᠭᠵᠢᠬᠦᠯᠬᠦ ᠪᠡᠷ ᠪᠠᠢᠭ᠎ᠠ ᠭᠡᠷ᠎ᠡ ᠳ᠋ᠤ᠌ ᠡᠷᠬᠡᠪᠰᠢ ᠱᠠᠭᠠᠷᠳᠠᠭᠳᠠᠬᠤ ᠦᠶ᠎ᠡ ᠳ᠋ᠤ᠌
      8) ᠬᠠᠩᠭᠠᠭᠰᠠᠨ ᠪᠦᠳᠦᠭᠡᠭᠳᠡᠬᠦᠨ ᠡᠰᠡᠪᠡᠯ ᠦᠢᠯᠡᠴᠢᠯᠡᠬᠡᠨ ᠤ᠋ ᠠᠮᠤᠷ ᠳᠦᠪᠰᠢᠨ ᠳᠤᠭᠳᠠᠪᠤᠷᠢᠳᠠᠢ ᠠᠵᠢᠯᠯᠠᠭ᠎ᠠ ᠵᠢ ᠬᠠᠮᠠᠭᠠᠯᠠᠬᠤ ᠳ᠋ᠤ᠌ ᠡᠷᠬᠡᠪᠰᠢ ᠱᠠᠭᠠᠷᠳᠠᠭᠳᠠᠬᠤ ᠵᠦᠢᠯ᠂ ᠵᠢᠱ᠌ᠢᠶᠡᠯᠡᠪᠡᠯ ᠪᠦᠳᠦᠭᠡᠭᠳᠡᠬᠦᠨ ᠡᠰᠡᠪᠡᠯ ᠦᠢᠯᠡᠴᠢᠯᠡᠬᠡᠨ ᠤ᠋ ᠰᠠᠭᠠᠳ ᠳᠤᠳᠬᠠᠷ ᠢ᠋ ᠢᠯᠡᠷᠡᠬᠦᠯᠵᠤ᠂ ᠰᠢᠢᠳᠪᠦᠷᠢᠯᠡᠬᠦ ᠦᠶ᠎ᠡ ᠳ᠋ᠤ᠌
      9) ᠨᠡᠢᠳᠡ ᠵᠢᠨ ᠠᠰᠢᠭ᠋ ᠲᠤᠰᠠ ᠵᠢᠨ ᠡᠬᠦᠳᠡᠨ ᠡᠴᠡ ᠲᠣᠭ᠎ᠠ ᠪᠦᠷᠢᠳᠬᠡᠯ᠂ ᠡᠷᠳᠡᠮ ᠰᠢᠨᠵᠢᠯᠡᠭᠡᠨ ᠤ᠋ ᠰᠤᠳᠤᠯᠭ᠎ᠠ ᠬᠢᠬᠦ ᠳ᠋ᠤ᠌ ᠡᠷᠬᠡᠪᠰᠢ ᠱᠠᠭᠠᠷᠳᠠᠭᠳᠠᠬᠤ ᠮᠦᠷᠳᠡᠬᠡᠨ ᠡᠷᠳᠡᠮ ᠰᠢᠨᠵᠢᠯᠡᠭᠡᠨ ᠤ᠋ ᠰᠤᠳᠤᠯᠭ᠎ᠠ ᠪᠤᠶᠤ ᠳᠦᠷᠰᠦᠯᠡᠯ ᠤ᠋ᠨ ᠦᠷ᠎ᠡ ᠳ᠋ᠦᠩ ᠢ᠋ ᠭᠠᠳᠠᠭᠰᠢ ᠬᠠᠩᠭᠠᠬᠤ ᠦᠶ᠎ᠡ ᠳ᠋ᠤ᠌᠂ ᠦᠷ᠎ᠡ ᠳ᠋ᠦᠩ ᠳ᠋ᠤ᠌ ᠠᠭᠤᠯᠤᠭᠰᠠᠨ ᠬᠤᠪᠢ ᠵᠢᠨ ᠰᠤᠷᠠᠭ ᠵᠠᠩᠬᠢ ᠵᠢ ᠳᠡᠮᠳᠡᠭᠵᠢᠬᠦᠯᠵᠤ ᠰᠢᠢᠳᠪᠦᠷᠢᠯᠡᠬᠦ ᠦᠶ᠎ᠡ ᠳ᠋ᠤ᠌
      10) ᠬᠠᠤᠯᠢ ᠴᠠᠭᠠᠵᠠ ᠬᠠᠤᠯᠢ ᠳᠦᠷᠢᠮ ᠳ᠋ᠤ᠌ ᠵᠢᠭᠠᠭᠰᠠᠨ ᠪᠤᠰᠤᠳ ᠵᠦᠢᠯ ᠳ᠋ᠤ᠌
ᠭᠤᠷᠪᠠ᠂ ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠬᠢᠨ ᠬᠠᠮᠠᠭᠠᠯᠠᠬᠤ ᠲᠤᠬᠠᠢ
    1᠂ᠰᠤᠷᠠᠭ ᠵᠠᠩᠬᠢ ᠵᠢ ᠬᠠᠳᠠᠭᠠᠯᠠᠬᠤ ᠭᠠᠵᠠᠷ
      ᠪᠢᠳᠡ ᠬᠠᠤᠯᠢ ᠴᠠᠭᠠᠵᠠ ᠳᠦᠷᠢᠮ ᠳᠤᠭᠳᠠᠭᠠᠯ ᠤ᠋ᠨ ᠳᠠᠭᠠᠤ᠂ ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠬᠢᠯᠢ ᠳ᠋ᠤ᠌ ᠦᠢᠯᠡ ᠠᠵᠢᠯᠯᠠᠭ᠎ᠠ ᠪᠡᠨ ᠶᠠᠪᠤᠭᠤᠯᠬᠤ ᠦᠶ᠎ᠡ ᠳ᠋ᠤ᠌ ᠬᠤᠷᠢᠶᠠᠵᠤ ᠣᠯᠤᠭᠰᠠᠨ ᠪᠤᠶᠤ ᠪᠤᠢ ᠪᠣᠯᠤᠭᠰᠠᠨ ᠬᠤᠪᠢ ᠵᠢᠨ ᠰᠤᠷᠠᠭ ᠵᠠᠩᠬᠢ ᠵᠢ ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠬᠢᠯᠢ ᠵᠢᠨ ᠳᠤᠳᠤᠷ᠎ᠠ ᠬᠠᠳᠠᠭᠠᠯᠠᠨ᠎ᠠ᠃ ᠬᠡᠷᠪᠡ ᠬᠣᠵᠢᠮ ᠬᠢᠯᠢ ᠠᠯᠤᠰᠯᠠᠭᠰᠠᠨ ᠠᠵᠢᠯ ᠬᠡᠷᠡᠭ ᠬᠦᠢᠴᠡᠳᠬᠡᠬᠦ ᠴᠢᠬᠤᠯᠠ ᠲᠠᠢ  ᠪᠣᠯ ᠬᠢᠯᠢ ᠵᠢᠨ ᠭᠠᠳᠠᠨᠠᠬᠢ ᠪᠠᠢᠭᠤᠯᠭ᠎ᠠ ᠳ᠋ᠤ᠌ ᠡᠨᠡᠬᠦ ᠬᠤᠪᠢ ᠵᠢᠨ ᠰᠤᠷᠠᠭ ᠵᠠᠩᠬᠢ ᠵᠢ ᠳᠠᠮᠵᠢᠭᠤᠯᠬᠤ ᠳ᠋ᠤ᠌ ᠪᠡᠨ ᠲᠠᠨ ᠤ᠋ ᠠᠰ ᠤ᠋ᠨ ᠵᠥᠪᠰᠢᠶᠡᠷᠡᠯ ᠢ᠋ ᠠᠪᠴᠤ᠂ ᠬᠠᠤᠯᠢ ᠴᠠᠭᠠᠵᠠ᠂ ᠵᠠᠰᠠᠭ ᠵᠠᠬᠢᠷᠭᠠᠨ ᠤ᠋ ᠬᠠᠤᠯᠢ ᠳᠦᠷᠢᠮ ᠪᠤᠯᠤᠨ ᠬᠣᠯᠪᠣᠭᠳᠠᠬᠤ ᠬᠢᠨᠠᠨ ᠬᠠᠮᠢᠶᠠᠷᠬᠤ ᠪᠠᠢᠭᠤᠯᠭ᠎ᠠ ᠵᠢᠨ ᠳᠤᠭᠳᠠᠭᠠᠯ ᠶᠣᠰᠣᠭᠠᠷ ᠬᠦᠢᠴᠡᠳᠬᠡᠵᠤ᠂ ᠮᠥᠨ ᠭᠡᠷ᠎ᠡ ᠪᠠᠢᠭᠤᠯᠬᠤ᠂ ᠬᠢᠨᠠᠨ ᠬᠠᠷᠭᠤᠭᠤᠯᠬᠤ ᠵᠡᠷᠭᠡ ᠪᠦᠳᠦᠮᠵᠢᠳᠡᠢ ᠠᠷᠭ᠎ᠠ ᠪᠡᠷ ᠬᠢᠯᠢ ᠵᠢᠨ ᠭᠠᠳᠠᠨᠠᠬᠢ ᠪᠠᠢᠭᠤᠯᠭ᠎ᠠ ᠳ᠋ᠤ᠌ ᠬᠤᠪᠢ ᠵᠢᠨ ᠰᠤᠷᠠᠭ ᠵᠠᠩᠬᠢ ᠵᠢ ᠬᠠᠮᠠᠭᠠᠯᠠᠬᠤ ᠠᠷᠭ᠎ᠠ ᠠᠪᠴᠠᠯ ᠠᠪᠬᠤ ᠵᠢ ᠱᠠᠭᠠᠷᠳᠠᠨ᠎ᠠ᠃
    2᠂ ᠰᠤᠷᠠᠭ ᠵᠠᠩᠬᠢ ᠵᠢ ᠬᠠᠳᠠᠭᠠᠯᠠᠬᠤ ᠬᠤᠭᠤᠴᠠᠭ᠎ᠠ
    ᠶᠡᠷᠦᠳᠡ ᠵᠢᠨ ᠪᠠᠢᠳᠠᠯ ᠳ᠋ᠤ᠌ ᠪᠢᠳᠡ ᠵᠣᠷᠢᠯᠭ᠎ᠠ ᠪᠡᠨ ᠪᠡᠶᠡᠯᠡᠬᠦᠯᠬᠦ ᠳ᠋ᠤ᠌ ᠱᠠᠭᠠᠷᠳᠠᠭᠳᠠᠬᠤ ᠬᠤᠭᠤᠴᠠᠭᠠᠨ ᠳ᠋ᠤ᠌᠂ ᠡᠰᠡᠪᠡᠯ ᠬᠠᠤᠯᠢ ᠴᠠᠭᠠᠵᠠ ᠬᠠᠤᠯᠢ ᠳᠦᠷᠢᠮ ᠳ᠋ᠤ᠌ ᠳᠤᠭᠳᠠᠭᠠᠭᠰᠠᠨ ᠬᠠᠮᠤᠭ ᠤ᠋ᠨ ᠪᠣᠭᠣᠨᠢ ᠬᠤᠭᠤᠴᠠᠭᠠᠨ ᠳ᠋ᠤ᠌ ᠲᠠᠨ ᠤ᠋ ᠬᠤᠪᠢ ᠵᠢᠨ ᠰᠤᠷᠠᠭ ᠵᠠᠩᠬᠢ ᠵᠢ ᠬᠠᠳᠠᠭᠠᠯᠠᠬᠤ ᠪᠤᠯᠤᠨ᠎ᠠ᠃ ᠡᠳᠦᠷ ᠤ᠋ᠨ ᠳᠡᠮᠳᠡᠭᠯᠡᠯ ᠳ᠋ᠤ᠌ ᠳᠡᠮᠳᠡᠭᠯᠡᠭᠳᠡᠭᠰᠡᠨ ᠰᠤᠷᠠᠭ ᠵᠠᠩᠬᠢ ᠨᠢ ᠲᠣᠬᠢᠷᠠᠭᠤᠯᠭ᠎ᠠ ᠶᠣᠰᠣᠭᠠᠷ ᠳᠤᠭᠳᠠᠭᠰᠠᠨ ᠬᠤᠭᠤᠴᠠᠭᠠᠨ ᠳ᠋ᠤ᠌ ᠬᠠᠳᠠᠭᠠᠯᠠᠭᠳᠠᠵᠤ᠂ ᠡᠴᠤᠰ ᠲᠤ᠌ ᠨᠢ ᠠᠦ᠋ᠲ᠋ᠣ᠋ ᠪᠡᠷ ᠬᠠᠰᠤᠭᠳᠠᠨ᠎ᠠ᠃
     ᠮᠠᠨ ᠤ᠋ ᠰᠢᠰᠲ᠋ᠧᠮ ᠪᠤᠶᠤ ᠦᠢᠯᠡᠴᠢᠯᠡᠬᠡ ᠵᠣᠭᠰᠣᠬᠤ ᠦᠶ᠎ᠡ ᠳ᠋ᠤ᠌᠂ ᠪᠢᠳᠡ ᠮᠡᠳᠡᠭᠳᠡᠯ᠂ ᠠᠯᠪᠠᠨ ᠵᠠᠷ ᠭᠠᠷᠭᠠᠵᠤ ᠲᠠᠨ ᠳ᠋ᠤ᠌ ᠮᠡᠳᠡᠭᠳᠡᠬᠦ ᠮᠦᠷᠳᠡᠭᠡᠨ ᠵᠤᠬᠢᠰᠳᠠᠢ ᠬᠤᠭᠤᠴᠠᠭᠠᠨ ᠳ᠋ᠤ᠌ ᠲᠠᠨ ᠤ᠋ ᠬᠤᠪᠢ ᠵᠢᠨ ᠰᠤᠷᠠᠭ ᠵᠠᠩᠬᠢ ᠵᠢ ᠬᠠᠰᠤᠬᠤ ᠪᠤᠶᠤ ᠪᠤᠷᠤᠭᠤᠯᠤᠭᠰᠠᠨ ᠨᠡᠷ᠎ᠡ ᠪᠡᠷ ᠰᠢᠢᠳᠪᠦᠷᠢᠯᠡᠵᠤ᠂ ᠬᠤᠪᠢ ᠵᠢᠨ ᠰᠤᠷᠠᠭ ᠵᠠᠩᠬᠢ ᠵᠢ ᠬᠣᠷᠢᠶᠠᠨ ᠴᠤᠭᠯᠠᠭᠤᠯᠬᠤ ᠠᠵᠢᠯᠯᠠᠭ᠎ᠠ ᠪᠡᠨ ᠳᠠᠷᠤᠢ ᠵᠣᠭᠰᠣᠨ᠎ᠠ᠃
      ᠲᠠ ᠰᠠᠨᠠᠭᠠᠴᠢᠯᠠᠭ᠎ᠠ ᠲᠠᠢ ᠪᠡᠷ ᠳᠠᠩᠰᠠ ᠪᠡᠨ ᠬᠦᠴᠦᠨ ᠥᠬᠡᠢ ᠪᠣᠯᠭᠠᠬᠤ ᠦᠶ᠎ᠡ ᠳ᠋ᠤ᠌᠂ ᠪᠢᠳᠡ ᠬᠠᠤᠯᠢ ᠴᠠᠭᠠᠵᠠ ᠬᠠᠤᠯᠢ ᠳᠦᠷᠢᠮ ᠤ᠋ᠨ ᠳᠠᠭᠠᠤ ᠳ᠋ᠠᠢᠲ᠋ᠠ ᠵᠢ ᠰᠢᠢᠳᠪᠦᠷᠢᠯᠡᠨ᠎ᠡ᠃
    3᠂ ᠰᠤᠷᠠᠭ ᠵᠠᠩᠬᠢ ᠵᠢ ᠬᠡᠷᠬᠢᠨ ᠬᠠᠮᠠᠭᠠᠯᠠᠵᠤ ᠪᠠᠢᠬᠤ ᠲᠤᠬᠠᠢ
    ᠪᠢᠳᠡ ᠠᠯᠢᠪᠠ ᠵᠤᠬᠢᠰᠳᠠᠢ᠂ ᠬᠡᠷᠡᠭᠵᠢᠬᠦᠯᠵᠤ ᠪᠣᠯᠬᠤ ᠠᠷᠭ᠎ᠠ ᠵᠢ ᠠᠪᠴᠤ᠂ ᠮᠠᠨ ᠳ᠋ᠤ᠌ ᠬᠠᠩᠭᠠᠭᠰᠠᠨ ᠦᠢᠯᠡᠴᠢᠯᠡᠬᠡ ᠲᠠᠢ ᠬᠠᠮᠢᠶᠠᠳᠠᠬᠤ ᠥᠬᠡᠢ ᠬᠤᠪᠢ ᠵᠢᠨ ᠰᠤᠷᠠᠭ ᠵᠠᠩᠬᠢ ᠵᠢ ᠬᠤᠷᠢᠶᠠᠵᠤ ᠠᠪᠬᠤ ᠥᠬᠡᠢ ᠪᠠᠢᠬᠤ ᠵᠢ ᠪᠠᠳᠤᠯᠠᠨ᠎ᠠ᠃ ᠪᠢᠳᠡ ᠬᠡᠷᠡᠭᠯᠡᠭᠴᠢ ᠵᠢᠨ ᠰᠤᠷᠠᠭ ᠵᠠᠩᠬᠢ ᠳ᠋ᠤ᠌ ᠠᠶᠤᠯᠬᠦᠢ ᠵᠢᠨ ᠪᠠᠳᠤᠯᠠᠭ᠎ᠠ ᠬᠠᠩᠭᠠᠵᠤ᠂ ᠰᠤᠷᠠᠭ ᠵᠠᠩᠬᠢ ᠵᠢ ᠬᠡᠬᠡᠵᠤ ᠣᠷᠬᠢᠭᠳᠠᠭᠤᠯᠬᠤ᠂ ᠵᠣᠬᠢᠰ ᠥᠬᠡᠢ ᠬᠡᠷᠡᠭᠯᠡᠬᠦ᠂ ᠵᠥᠪᠰᠢᠶᠡᠷᠡᠯ ᠥᠬᠡᠢ ᠠᠢᠯᠴᠢᠯᠠᠬᠤ ᠪᠤᠶᠤ ᠵᠠᠳᠠᠷᠠᠭᠤᠯᠬᠤ ᠵᠢ ᠡᠷᠡᠰ ᠬᠣᠷᠢᠭᠯᠠᠨ᠎ᠠ᠃
     ᠪᠢᠳᠡ ᠵᠤᠬᠢᠰᠳᠠᠢ ᠠᠮᠤᠷ ᠳᠦᠪᠰᠢᠨ ᠬᠡᠪᠴᠢᠶᠡᠨ ᠳ᠋ᠤ᠌ ᠠᠶᠤᠯᠬᠦᠢ ᠵᠢᠨ ᠬᠠᠮᠠᠭᠠᠯᠠᠯᠳᠠ ᠵᠢᠨ ᠠᠷᠭ᠎ᠠ ᠪᠡᠷ ᠰᠤᠷᠠᠭ ᠵᠠᠩᠬᠢ ᠵᠢᠨ ᠠᠮᠤᠷ ᠳᠦᠪᠰᠢᠨ ᠢ᠋ ᠪᠠᠳᠤᠯᠠᠨ᠎ᠠ᠃ ᠵᠢᠱ᠌ᠢᠶᠡᠯᠡᠪᠡᠯ᠂ ᠪᠢᠳᠡ ᠳᠠᠪᠬᠤᠷ ᠨᠢᠭᠤᠴᠠᠯᠠᠬᠤ ᠵᠡᠷᠭᠡ ᠮᠡᠷᠭᠡᠵᠢᠯ ᠤ᠋ᠨ ᠠᠷᠭ᠎ᠠ ᠪᠡᠷ ᠲᠠᠨ ᠤ᠋ ᠰᠢᠰᠲ᠋ᠧᠮ ᠤ᠋ᠨ ᠳᠠᠩᠰᠠᠨ ᠤ᠋ ᠨᠢᠭᠤᠴᠠ ᠺᠣᠳ᠋ ᠢ᠋ ᠬᠠᠮᠠᠭᠠᠯᠠᠬᠤ ᠪᠤᠯᠤᠨ᠎ᠠ᠃
    ᠪᠢᠳᠡ ᠳᠤᠰᠬᠠᠢ ᠬᠠᠮᠢᠶᠠᠷᠤᠯᠳᠠ ᠵᠢᠨ ᠳᠦᠷᠢᠮ᠂ ᠶᠠᠪᠤᠴᠠ᠂ ᠵᠣᠬᠢᠶᠠᠨ ᠪᠠᠢᠭᠤᠯᠤᠯᠳᠠ ᠭᠠᠷᠭᠠᠵᠤ ᠰᠤᠷᠠᠭ ᠵᠠᠩᠬᠢ ᠵᠢᠨ ᠠᠮᠤᠷ ᠳᠦᠪᠰᠢᠨ ᠢ᠋ ᠪᠠᠳᠤᠯᠠᠨ᠎ᠠ᠃ ᠵᠢᠱ᠌ᠢᠶᠡᠯᠡᠪᠡᠯ᠂ ᠰᠤᠷᠠᠭ ᠵᠠᠩᠬᠢ ᠵᠢ ᠦᠵᠡᠬᠦ ᠬᠥᠮᠦᠰ ᠤ᠋ᠨ ᠬᠦᠷᠢᠶ᠎ᠡ ᠬᠡᠪᠴᠢᠶ᠎ᠡ ᠵᠢ ᠴᠢᠩᠭ᠎ᠠ ᠬᠢᠵᠠᠭᠠᠷᠯᠠᠵᠤ᠂ ᠨᠢᠭᠤᠴᠠ ᠵᠢ ᠬᠠᠮᠠᠭᠠᠯᠠᠬᠤ ᠵᠢ ᠳᠡᠳᠡᠨᠡᠷ ᠲᠤ᠌ ᠱᠠᠭᠠᠷᠳᠠᠨ᠎ᠠ᠃
    4᠂ ᠪᠠᠴᠢᠮ ᠪᠠᠢᠳᠠᠯ ᠢ᠋ ᠠᠷᠭᠠᠴᠠᠬᠤ ᠳᠦᠰᠦᠪ
     ᠬᠡᠷᠪᠡ ᠬᠤᠪᠢ ᠵᠢᠨ ᠰᠤᠷᠠᠭ ᠵᠠᠩᠬᠢ ᠯᠡᠪᠡᠷᠡᠬᠦ ᠵᠡᠷᠭᠡ ᠠᠮᠤᠷ ᠳᠦᠪᠰᠢᠨ ᠤ᠋ ᠬᠡᠷᠡᠭ ᠡᠬᠦᠰᠬᠦ ᠦᠶ᠎ᠡ ᠳ᠋ᠤ᠌᠂ ᠪᠢᠳᠡ ᠬᠠᠤᠯᠢ ᠶᠣᠰᠣᠭᠠᠷ ᠪᠠᠴᠢᠮ ᠪᠠᠢᠳᠠᠯ ᠢ᠋ ᠠᠷᠭᠠᠴᠠᠬᠤ ᠳᠦᠰᠦᠪ ᠢ᠋ ᠡᠬᠢᠯᠡᠬᠦᠯᠵᠤ᠂ᠠᠮᠤᠷ ᠳᠦᠪᠰᠢᠨ ᠤ᠋ ᠬᠡᠷᠡᠭ ᠶᠡᠬᠡᠰᠬᠦ ᠵᠢ ᠬᠣᠷᠢᠭᠯᠠᠨ᠎ᠠ᠃ ᠮᠥᠨ ᠮᠡᠳᠡᠭᠳᠡᠯ᠂ ᠠᠯᠪᠠᠨ ᠵᠠᠷ ᠭᠠᠷᠭᠠᠵᠤ ᠲᠠᠨ ᠳ᠋ᠤ᠌ ᠠᠮᠤᠷ ᠳᠦᠪᠰᠢᠨ ᠤ᠋ ᠬᠡᠷᠡᠭ ᠤ᠋ᠨ ᠪᠠᠢᠳᠠᠯ᠂ ᠬᠡᠷᠡᠭ ᠤ᠋ᠨ ᠨᠥᠯᠥᠭᠡ ᠲᠤᠰᠬᠠᠯ ᠵᠢᠴᠢ ᠠᠪᠤᠭᠰᠠᠨ ᠠᠷᠭ᠎ᠠ ᠠᠪᠴᠠᠯ ᠵᠢᠨᠨ ᠮᠡᠳᠡᠭᠳᠡᠨ᠎ᠡ᠃ ᠪᠢᠳᠡ ᠪᠠᠰᠠ ᠬᠠᠤᠯᠢ ᠴᠠᠭᠠᠵᠠ ᠬᠠᠤᠯᠢ ᠳᠦᠷᠢᠮ ᠤ᠋ᠨ ᠳᠠᠭᠠᠤ ᠬᠢᠨᠠᠨ ᠬᠠᠮᠢᠶᠠᠷᠤᠯᠳᠠ ᠵᠢᠨ ᠰᠠᠯᠠᠭ᠎ᠠ ᠮᠥᠴᠢᠷ ᠤ᠋ᠨ ᠱᠠᠭᠠᠷᠳᠠᠯᠭ᠎ᠠ ᠶᠣᠰᠣᠭᠠᠷ ᠬᠤᠪᠢ ᠵᠢᠨ ᠰᠤᠷᠠᠭ ᠵᠠᠩᠬᠢ ᠵᠢᠨ ᠠᠮᠤᠷ ᠳᠦᠪᠰᠢᠨ ᠤ᠋ ᠬᠡᠷᠡᠭ ᠢ᠋ ᠰᠢᠢᠳᠪᠦᠷᠢᠯᠡᠭᠰᠡᠨ ᠪᠠᠢᠳᠠᠯ ᠵᠢᠨᠨ ᠳᠡᠬᠡᠭᠰᠢ ᠮᠡᠳᠡᠬᠦᠯᠬᠦ ᠪᠤᠯᠤᠨ᠎ᠠ᠃
ᠳᠦᠷᠪᠡ᠂ ᠲᠠᠨ ᠤ᠋ ᠬᠤᠪᠢ ᠵᠢᠨ ᠰᠤᠷᠠᠭ ᠵᠠᠩᠬᠢ ᠵᠢ ᠬᠡᠷᠬᠢᠨ ᠬᠠᠮᠢᠶᠠᠷᠬᠤ ᠲᠤᠬᠠᠢ
     ᠪᠢᠳᠡ ᠡᠯ᠎ᠡ ᠭᠠᠵᠠᠷ ᠣᠷᠣᠨ ᠤ᠋ ᠬᠠᠤᠯᠢ ᠴᠠᠭᠠᠵᠠ ᠬᠠᠤᠯᠢ ᠳᠦᠷᠢᠮ ᠤ᠋ᠨ ᠳᠤᠭᠳᠠᠭᠠᠯ ᠢ᠋ ᠵᠢᠷᠤᠮᠯᠠᠵᠤ᠂ ᠠᠯᠢᠪᠠ ᠵᠤᠬᠢᠰᠳᠠᠢ ᠬᠡᠷᠡᠭᠵᠢᠬᠦᠯᠵᠤ ᠪᠣᠯᠬᠤ ᠠᠷᠭ᠎ᠠ ᠵᠢ ᠠᠪᠴᠤ᠂ ᠬᠠᠮᠢᠶᠠᠳᠠᠬᠤ ᠥᠬᠡᠢ ᠬᠤᠪᠢ ᠵᠢᠨ ᠰᠤᠷᠠᠭ ᠵᠠᠩᠬᠢ ᠵᠢ ᠴᠤᠭᠯᠠᠭᠤᠯᠬᠤ ᠥᠬᠡᠢ ᠪᠠᠢᠬᠤ ᠵᠢ ᠪᠠᠳᠤᠯᠠᠨ᠎ᠠ᠃
     ᠲᠠᠨ ᠤ᠋ ᠰᠢᠰᠲ᠋ᠧᠮ ᠪᠤᠯᠤᠨ ᠨᠡᠢᠬᠡᠮ ᠲᠣᠭᠣᠷᠢᠭ ᠤ᠋ᠨ ᠳᠠᠩᠰᠠᠨ ᠤ᠋ ᠳ᠋ᠤᠭᠠᠷ ᠤ᠋ᠨ ᠦᠨᠳᠦᠰᠦᠨ ᠰᠤᠷᠠᠭ ᠵᠠᠩᠬᠢ ᠨᠢ ᠲᠠᠨ ᠤ᠋ ᠬᠤᠪᠢ ᠵᠢᠨ ᠭᠠᠷ ᠤᠳᠠᠰᠤᠨ ᠤ᠋ ᠳ᠋ᠤᠭᠠᠷ ᠢ᠋ ᠨᠢᠭᠤᠴᠠᠯᠠᠵᠤ ᠳᠠᠮᠵᠢᠭᠤᠯᠬᠤ᠂ ᠮᠥᠨ ᠳᠠᠩᠰᠠ ᠵᠢ ᠬᠦᠴᠦᠨ ᠥᠬᠡᠢ ᠪᠣᠯᠭᠠᠬᠤ ᠪᠤᠯᠳᠠᠯ᠎ᠠ ᠦᠢᠯᠡᠴᠢᠯᠡᠬᠦᠷ ᠲᠤ᠌ ᠬᠠᠳᠠᠭᠠᠯᠠᠬᠤ ᠵᠢ ᠯᠠ ᠪᠠᠭᠳᠠᠭᠠᠭᠠᠳ ᠵᠣᠭᠰᠣᠬᠤ ᠪᠢᠰᠢ᠃ ᠪᠢᠳᠡ ᠵᠥᠪᠬᠡᠨ ᠲᠤᠰ ᠢᠯᠡᠷᠬᠡᠢᠯᠡᠯᠳᠡ ᠳ᠋ᠤ᠌ ᠶᠠᠷᠢᠭᠰᠠᠨ ᠬᠠᠮᠤᠭ ᠤ᠋ᠨ ᠪᠣᠭᠣᠨᠢ ᠬᠤᠭᠤᠴᠠᠭᠠᠨ ᠳ᠋ᠤ᠌ ᠲᠠᠨ ᠤ᠋ ᠬᠤᠪᠢ ᠵᠢᠨ ᠰᠤᠷᠠᠭ ᠵᠠᠩᠬᠢ ᠵᠢ ᠦᠯᠡᠳᠡᠬᠡᠵᠤ᠂ ᠬᠠᠳᠠᠭᠠᠯᠠᠬᠤ ᠬᠤᠭᠤᠴᠠᠭ᠎ᠠ ᠬᠠᠤᠯᠢ ᠵᠢᠨ ᠵᠥᠪᠰᠢᠶᠡᠷᠡᠬᠦ ᠬᠡᠪᠴᠢᠶᠡᠨ ᠡᠴᠡ ᠳᠠᠪᠠᠭᠰᠠᠨ ᠦᠶ᠎ᠡ ᠳ᠋ᠤ᠌ ᠬᠠᠰᠤᠬᠤ ᠪᠤᠶᠤ ᠨᠡᠷ᠎ᠡ ᠪᠤᠷᠤᠭᠤᠯᠠᠵᠤ ᠰᠢᠢᠳᠪᠦᠷᠢᠯᠡᠬᠦ ᠪᠤᠯᠤᠨ᠎ᠠ᠃ ᠬᠡᠷᠪᠡ ᠬᠤᠪᠢ ᠵᠢᠨ ᠰᠤᠷᠠᠭ ᠵᠠᠩᠬᠢ ᠵᠢ ᠮᠡᠷᠭᠡᠵᠢᠯ ᠪᠡᠷ ᠬᠠᠰᠤᠬᠤ ᠳ᠋ᠤ᠌ ᠬᠦᠴᠢᠷ ᠪᠣᠯ᠂ ᠬᠠᠳᠠᠭᠠᠯᠠᠬᠤ ᠪᠡᠨ ᠵᠣᠭᠰᠣᠬᠤ ᠪᠤᠶᠤ ᠱᠠᠭᠠᠷᠳᠠᠯᠭ᠎ᠠ ᠲᠠᠢ ᠠᠮᠤᠷ ᠳᠦᠪᠰᠢᠨ ᠤ᠋ ᠬᠠᠮᠠᠭᠠᠯᠠᠯᠳᠠ ᠡᠴᠡ ᠪᠤᠰᠤᠳ ᠠᠷᠭ᠎ᠠ ᠪᠡᠷ ᠰᠢᠢᠳᠪᠦᠷᠢᠯᠡᠨ᠎ᠡ᠃ ᠬᠡᠪᠡᠴᠤ ᠳᠤᠤᠷᠠᠬᠢ ᠪᠠᠢᠳᠠᠯ ᠳ᠋ᠤ᠌ ᠪᠢᠳᠡ ᠬᠠᠤᠯᠢ ᠳᠦᠷᠢᠮ ᠤ᠋ᠨ ᠳᠠᠭᠠᠤ ᠬᠤᠪᠢ ᠵᠢᠨ ᠰᠤᠷᠠᠭ ᠵᠠᠩᠬᠢ ᠵᠢ ᠬᠠᠳᠠᠭᠠᠯᠠᠬᠤ ᠬᠤᠭᠤᠴᠠᠭ᠎ᠠ ᠵᠢ ᠦᠬᠡᠷᠡᠴᠢᠯᠡᠵᠤ ᠮᠡᠳᠡᠨ᠎ᠡ᠄
     ᠰᠢᠬᠦᠬᠦ ᠬᠣᠷᠢᠶᠠᠨ ᠤ᠋ ᠰᠢᠬᠦᠨ ᠳᠠᠰᠤᠯᠤᠯᠳᠠ᠂ ᠳᠤᠭᠳᠠᠭᠠᠯ ᠪᠤᠶᠤ ᠪᠤᠰᠤᠳ ᠬᠠᠤᠯᠢ ᠴᠠᠭᠠᠵᠠ ᠵᠢᠨ ᠵᠢᠷᠦᠮ ᠤ᠋ᠨ ᠳᠤᠭᠳᠠᠭᠠᠯ ᠢ᠋ ᠵᠢᠷᠤᠮᠯᠠᠬᠤ ᠵᠢᠨ ᠳᠦᠯᠦᠭᠡ
     ᠬᠣᠯᠪᠣᠭᠳᠠᠬᠤ ᠵᠠᠰᠠᠭ ᠤ᠋ᠨ ᠣᠷᠳᠣᠨ ᠤ᠋ ᠪᠠᠢᠭᠤᠯᠭ᠎ᠠ ᠪᠤᠶᠤ ᠬᠠᠤᠯᠢ ᠵᠢᠨ ᠡᠷᠬᠡ ᠪᠦᠬᠦᠢ ᠵᠣᠬᠢᠶᠠᠨ ᠪᠠᠢᠭᠤᠯᠤᠯᠳᠠ ᠵᠢᠨ ᠱᠠᠭᠠᠷᠳᠠᠯᠭ᠎ᠠ ᠵᠢ ᠵᠢᠷᠤᠮᠯᠠᠬᠤ ᠵᠢᠨ ᠳᠦᠯᠦᠭᠡ
      ᠪᠢᠳᠡᠨ ᠤ᠋ ᠵᠢᠷᠤᠮᠯᠠᠬᠤ ᠶᠤᠰᠤᠳᠠᠢ ᠪᠤᠰᠤᠳ ᠬᠠᠤᠯᠢ ᠳᠤᠭᠳᠠᠭᠠᠯ ᠤ᠋ᠳ
     ᠲᠤᠰ ᠦᠢᠯᠡᠴᠢᠯᠡᠬᠡ ᠵᠣᠭᠰᠣᠬᠤ ᠦᠶ᠎ᠡ ᠳ᠋ᠤ᠌᠂ ᠪᠢᠳᠡ ᠲᠠᠨ ᠤ᠋ ᠬᠤᠪᠢ ᠵᠢᠨ ᠰᠤᠷᠠᠭ ᠵᠠᠩᠬᠢ ᠵᠢ ᠴᠤᠭᠯᠠᠭᠤᠯᠬᠤ ᠪᠡᠨ ᠳᠠᠷᠤᠢ ᠵᠣᠭᠰᠣᠵᠤ᠂ ᠦᠢᠯᠡ ᠠᠵᠢᠯᠯᠠᠭ᠎ᠠ ᠪᠡᠨ ᠵᠣᠭᠰᠣᠭᠰᠠᠨ ᠮᠡᠳᠡᠭᠳᠡᠯ ᠪᠤᠶᠤ ᠠᠯᠪᠠᠨ ᠵᠠᠷ ᠢ᠋ ᠲᠠᠨ ᠳ᠋ᠤ᠌ ᠬᠦᠷᠭᠡᠵᠤ᠂ ᠵᠤᠬᠢᠰᠳᠠᠢ ᠬᠤᠭᠤᠴᠠᠭᠠᠨ ᠳ᠋ᠤ᠌ ᠲᠠᠨ ᠤ᠋ ᠬᠤᠪᠢ ᠵᠢᠨ ᠰᠤᠷᠠᠭ ᠵᠠᠩᠬᠢ ᠵᠢ ᠬᠠᠰᠤᠬᠤ ᠪᠤᠶᠤ ᠨᠡᠷ᠎ᠡ ᠪᠤᠷᠤᠭᠤᠯᠠᠵᠤ ᠰᠢᠢᠳᠪᠦᠷᠢᠯᠡᠨ᠎ᠡ᠃
     ᠵᠠᠭᠠᠭ ᠭᠠᠳᠠᠷᠭᠤ ᠵᠢᠨ ᠵᠢᠷᠤᠭ ᠳᠦᠰᠦᠯ ᠢ᠋ ᠰᠣᠯᠢᠯᠴᠠᠬᠤ ᠬᠡᠯᠪᠡᠷᠢ ᠪᠡᠷ ᠲᠠᠨ ᠳ᠋ᠤ᠌ ᠬᠤᠪᠢ ᠵᠢᠨ ᠰᠤᠷᠠᠭ ᠵᠠᠩᠬᠢ ᠪᠡᠨ ᠦᠪᠡᠷᠳᠡᠭᠡᠨ ᠦᠵᠡᠬᠦ᠂ ᠣᠯᠵᠤ ᠠᠪᠬᠤ᠂ ᠵᠠᠰᠠᠬᠤ᠂ ᠬᠠᠰᠤᠬᠤ ᠠᠷᠭ᠎ᠠ ᠵᠠᠮ ᠣᠯᠭᠣᠨ᠎ᠠ᠂ ᠲᠠ ᠳᠤᠤᠷᠠᠬᠢ ᠠᠷᠭ᠎ᠠ ᠪᠡᠷ ᠳᠤᠬᠢᠷᠠᠭᠤᠯᠭ᠎ᠠ ᠬᠢᠵᠤ ᠪᠤᠯᠤᠨ᠎ᠠ᠄
      ᠬᠡᠷᠪᠡ ᠲᠠ ᠰᠢᠰᠲ᠋ᠧᠮ ᠢ᠋ ᠠᠰᠢᠭᠯᠠᠬᠤ ᠪᠠ ᠦᠢᠯᠡᠴᠢᠯᠡᠬᠡᠨ ᠳ᠋ᠤ᠌ ᠠᠢᠯᠴᠢᠯᠠᠬᠤ ᠦᠶ᠎ᠡ ᠳ᠋ᠤ᠌ ᠬᠤᠪᠢ ᠵᠢᠨ ᠰᠤᠷᠠᠭ ᠵᠠᠩᠬᠢ ᠵᠠᠳᠠᠷᠠᠬᠤ ᠡᠴᠡ ᠬᠢᠴᠢᠶᠡᠪᠡᠯ᠂ ᠬᠤᠪᠢ ᠵᠢᠨ ᠠᠵᠢᠯ ᠬᠡᠷᠡᠭ ᠵᠢᠨᠨ ᠦᠨᠳᠦᠰᠦᠯᠡᠨ ᠬᠤᠪᠢ ᠵᠢᠨ ᠰᠤᠷᠠᠭ ᠵᠠᠩᠬᠢ ᠲᠠᠢ ᠬᠣᠯᠪᠣᠭᠳᠠᠭᠰᠠᠨ ᠴᠢᠳᠠᠪᠬᠢ ᠵᠢ ᠬᠡᠷᠡᠭᠯᠡᠬᠦ ᠪᠡᠨ ᠲᠦᠷ ᠵᠣᠭᠰᠣᠬᠤ ᠪᠤᠶᠤ ᠵᠣᠭᠰᠣᠵᠤ ᠪᠤᠯᠤᠨ᠎ᠠ᠂ ᠵᠢᠱ᠌ᠢᠶᠡᠯᠡᠪᠡᠯ ᠰᠢᠰᠲ᠋ᠧᠮ ᠤ᠋ᠨ ᠰᠣᠹᠲ ᠤ᠋ᠨ ᠳᠡᠯᠭᠡᠬᠦᠷ᠂ ᠰᠢᠰᠲ᠋ᠧᠮ ᠤ᠋ᠨ ᠰᠢᠨᠡᠴᠢᠯᠡᠨ ᠳᠡᠰ ᠳᠡᠪᠰᠢᠬᠦ᠂ ᠪᠢᠤᠯᠤᠬᠢ ᠵᠢ ᠢᠯᠭᠠᠨ ᠳᠠᠨᠢᠬᠤ ᠵᠡᠷᠬᠡ ᠳ᠋ᠤ᠌᠃
    ᠰᠢᠰᠲ᠋ᠧᠮ ᠤ᠋ᠨ ᠭᠤᠷᠪᠠᠳᠠᠭᠴᠢ ᠡᠳᠡᠭᠡᠳ ᠤ᠋ᠨ ᠰᠣᠹᠲ\ ᠦᠢᠯᠡᠴᠢᠯᠡᠬᠡ ᠵᠢ ᠬᠡᠷᠡᠭᠯᠡᠬᠦ ᠦᠶ᠎ᠡ ᠳ᠋ᠤ᠌᠂ ᠬᠤᠪᠢ ᠵᠢᠨ ᠨᠢᠭᠤᠴᠠ ᠵᠢ ᠬᠠᠮᠠᠭᠠᠯᠠᠬᠤ ᠵᠢ ᠠᠩᠬᠠᠷᠬᠤ᠃
     ᠡᠳᠡᠭᠡᠷ ᠠᠵᠢᠯ ᠬᠡᠷᠡᠭ ᠤ᠋ᠨ ᠴᠢᠳᠠᠪᠬᠢ ᠳ᠋ᠤ᠌ ᠪᠢᠳᠡ ᠵᠥᠪᠬᠡᠨ ᠰᠤᠷᠠᠭ ᠵᠠᠩᠬᠢ ᠵᠢᠨ ᠰᠢᠰᠲ᠋ᠧᠮ᠂ ᠪᠣᠳᠣᠬᠤ ᠠᠷᠭ᠎ᠠ ᠵᠢ ᠪᠠᠭᠳᠠᠭᠠᠭᠰᠠᠨ ᠬᠥᠮᠦᠨ ᠤ᠋ ᠬᠦᠴᠦᠨ ᠤ᠋ ᠪᠤᠰᠤ ᠠᠦ᠋ᠲ᠋ᠣ᠋ ᠰᠢᠢᠳᠪᠦᠷᠢᠳᠦ ᠪᠣᠳᠣᠯᠭ᠎ᠠ ᠵᠢᠨ ᠲᠤᠭᠳᠠᠴᠠ ᠵᠢ ᠦᠨᠳᠦᠰᠦᠯᠡᠨ ᠳᠤᠭᠳᠠᠭᠠᠯ ᠭᠠᠷᠭᠠᠵᠤ ᠮᠡᠳᠡᠨ᠎ᠡ᠃ ᠬᠡᠷᠪᠡ ᠡᠳᠡᠭᠡᠷ ᠳᠤᠭᠳᠠᠭᠠᠯ ᠨᠢ ᠲᠠᠨ ᠤ᠋ ᠬᠠᠤᠯᠢ ᠶᠣᠰᠣᠨ ᠤ᠋ ᠡᠷᠬᠡ ᠠᠰᠢᠭ᠋ ᠢ᠋ ᠢᠯᠡᠷᠬᠡᠢ ᠬᠥᠨᠳᠡᠭᠰᠡᠨ ᠪᠣᠯ᠂ ᠲᠠ ᠮᠠᠨ ᠳ᠋ᠤ᠌ ᠵᠤᠬᠢᠰᠳᠠᠢ ᠳᠠᠢᠯᠠᠪᠤᠷᠢ ᠬᠢᠬᠦ ᠵᠢ ᠱᠠᠭᠠᠷᠳᠠᠵᠤ ᠪᠤᠯᠤᠨ᠎ᠠ᠂ ᠪᠢᠳᠡ ᠪᠠᠰᠠ ᠵᠤᠬᠢᠰᠳᠠᠢ ᠰᠢᠢᠳᠪᠦᠷᠢᠯᠡᠬᠦ ᠠᠷᠭ᠎ᠠ ᠭᠠᠷᠭᠠᠵᠤ ᠥᠭᠬᠦ ᠪᠤᠯᠤᠨ᠎ᠠ᠃
      ᠬᠡᠷᠪᠡ ᠲᠠ ᠨᠡᠭᠡᠷᠡᠨ ᠲᠤᠰ ᠳᠦᠷᠦᠯ ᠤ᠋ᠨ ᠰᠤᠷᠠᠭ ᠵᠠᠩᠬᠢ ᠵᠢ ᠦᠵᠡᠬᠦ᠂ ᠵᠠᠰᠠᠬᠤ ᠡᠰᠡᠪᠡᠯ ᠬᠠᠤᠯᠢ ᠶᠣᠰᠣᠭᠠᠷ ᠬᠠᠰᠤᠬᠤ ᠵᠢ ᠱᠠᠭᠠᠷᠳᠠᠬᠤ ᠳ᠋ᠤ᠌ ᠬᠦᠷᠪᠡᠯ᠂ ᠲᠠ ᠠᠰᠠᠭᠤᠳᠠᠯ ᠵᠢᠨᠨ ᠳᠤᠭᠳᠠᠭᠰᠠᠨ ᠢᠮᠸᠯ ᠬᠠᠶᠢᠭ ᠵᠢᠡᠷ ᠶᠠᠪᠤᠭᠤᠯᠵᠤ ᠪᠤᠯᠤᠨ᠎ᠠ ( ᠢᠮᠸᠯ ᠬᠠᠶᠢᠭ ᠠᠭᠤᠯᠭ᠎ᠠ ᠵᠢᠨ ᠡᠴᠤᠰ ᠲᠤ᠌ ᠪᠤᠢ)᠂ ᠪᠢᠳᠡ ᠠᠰᠠᠭᠤᠳᠠᠯ ᠢ᠋ ᠬᠤᠷᠳᠤᠨ ᠬᠢᠨᠠᠵᠤ᠂ ᠲᠠᠨ ᠤ᠋ ᠬᠡᠷᠡᠭᠯᠡᠭᠴᠢ ᠵᠢᠨ ᠪᠡᠶ᠎ᠡ ᠵᠢᠨ ᠭᠠᠷᠤᠯ ᠢ᠋ ᠳᠤᠳᠤᠷᠬᠠᠢᠯᠠᠭᠰᠠᠨ ᠤ᠋ ᠳᠠᠷᠠᠭ᠎ᠠ ᠳᠠᠷᠤᠢ ᠬᠠᠷᠢᠭᠤ ᠥᠭᠬᠦ ᠪᠤᠯᠤᠨ᠎ᠠ᠃
     ᠲᠠ ᠳᠤᠭᠳᠠᠭᠰᠠᠨ ᠬᠠᠷᠢᠯᠴᠠᠬᠤ ᠢᠮᠸᠯ (ᠠᠭᠤᠯᠭ᠎ᠠ ᠵᠢᠨ ᠡᠴᠤᠰ ᠲᠤ᠌ ᠪᠤᠢ) ᠵᠢᠡᠷ ᠳᠠᠮᠵᠢᠭᠤᠯᠤᠨ ᠳᠠᠩᠰᠠ ᠪᠡᠨ ᠬᠦᠴᠦᠨ ᠥᠬᠡᠢ ᠪᠣᠯᠭᠠᠬᠤ ᠵᠢ ᠭᠤᠶᠤᠴᠢᠯᠠᠵᠤ ᠪᠤᠯᠤᠨ᠎ᠠ᠃ ᠲᠠ ᠰᠠᠨᠠᠭᠠᠴᠢᠯᠠᠭ᠎ᠠ ᠡᠴᠡ ᠪᠡᠨ ᠳᠠᠩᠰᠠ ᠪᠡᠨ ᠬᠦᠴᠦᠨ ᠥᠬᠡᠢ ᠪᠣᠯᠭᠠᠭᠰᠠᠨ ᠤ᠋ ᠳᠠᠷᠠᠭ᠎ᠠ᠂ ᠲᠠᠨ ᠤ᠋ ᠬᠤᠪᠢ ᠵᠢᠨ ᠰᠤᠷᠠᠭ ᠵᠠᠩᠬᠢ ᠲᠠᠢ ᠬᠣᠯᠪᠣᠭ᠎ᠠ ᠲᠠᠢ ᠠᠭᠤᠯᠭ᠎ᠠ ᠨᠢᠭᠤᠴᠠᠯᠠᠭᠳᠠᠬᠤ᠂ ᠬᠠᠰᠤᠭᠳᠠᠬᠤ ᠪᠤᠶᠤ ᠨᠡᠷ᠎ᠡ ᠪᠤᠷᠤᠭᠤᠯᠠᠬᠤ ᠪᠤᠯᠤᠨ᠎ᠠ᠂ ᠭᠡᠬᠦ ᠳ᠋ᠤ᠌ ᠪᠡᠨ ᠡᠨᠡ ᠨᠢ ᠬᠠᠤᠯᠢ ᠴᠠᠭᠠᠵᠠ ᠬᠠᠤᠯᠢ ᠳᠦᠷᠢᠮ ᠳ᠋ᠤ᠌ ᠳᠤᠭᠳᠠᠭᠠᠭᠰᠠᠨ ᠪᠤᠰᠤᠳ ᠵᠦᠢᠯ ᠡᠴᠡ ᠭᠠᠳᠠᠨ᠎ᠠ ᠪᠠᠢᠬᠤ ᠪᠤᠯᠤᠨ᠎ᠠ᠃
ᠲᠠᠪᠤ᠂ ᠲᠠᠨ ᠤ᠋ ᠡᠷᠬᠡ
     ᠡᠯ᠎ᠡ ᠭᠠᠵᠠᠷ ᠣᠷᠣᠨ ᠤ᠋ ᠬᠠᠮᠢᠶᠠᠳᠠᠢ ᠬᠠᠤᠯᠢ ᠴᠠᠭᠠᠵᠠ᠂ ᠬᠠᠤᠯᠢ ᠳᠦᠷᠢᠮ᠂ ᠪᠠᠷᠢᠮᠵᠢᠶ᠎ᠠ ᠶᠣᠰᠣᠭᠠᠷ᠂ ᠵᠢᠴᠢ ᠡᠯ᠎ᠡ ᠭᠠᠵᠠᠷ ᠣᠷᠣᠨ ᠳ᠋ᠤ᠌ ᠨᠡᠪᠳᠡᠷᠡᠬᠦ ᠠᠷᠭ᠎ᠠ ᠪᠡᠷ ᠪᠢᠳᠡ ᠵᠤᠬᠢᠰᠳᠠᠢ ᠮᠡᠷᠭᠡᠵᠢᠯ ᠢ᠋ ᠠᠰᠢᠭᠯᠠᠨ ᠲᠠᠨ ᠤ᠋ ᠬᠤᠪᠢ ᠵᠢᠨ ᠰᠤᠷᠠᠭ ᠵᠠᠩᠬᠢ ᠵᠢᠨ ᠲᠠᠯ᠎ᠠ ᠪᠡᠷ ᠳᠤᠤᠷᠠᠬᠢ ᠡᠷᠬᠡ ᠲᠠᠢ ᠪᠠᠢᠬᠤ ᠵᠢ ᠪᠠᠳᠤᠯᠠᠨ᠎ᠠ᠄
     ᠬᠡᠷᠪᠡ ᠲᠠ ᠥᠪᠡᠷ ᠤ᠋ᠨ ᠳᠠᠩᠰᠠᠨ ᠤ᠋ ᠬᠤᠪᠢ ᠵᠢᠨ ᠦᠨᠳᠦᠰᠦᠨ ᠰᠤᠷᠠᠭ ᠵᠠᠩᠬᠢ ᠵᠢ ᠦᠵᠡᠬᠦ᠂ ᠺᠤᠪᠢᠳᠠᠬᠤ᠂ ᠵᠠᠰᠠᠪᠤᠷᠢᠯᠠᠬᠤ ᠵᠢ ᠬᠦᠰᠡᠪᠡᠯ ( ᠬᠡᠷᠡᠭᠯᠡᠭᠴᠢ ᠵᠢᠨ ᠨᠡᠷ᠎ᠡ᠂ ᠡᠩᠬᠦᠷᠡᠢ ᠳᠠᠭᠤᠳᠠᠯᠭ᠎ᠠ ᠭᠡᠬᠦ ᠮᠡᠳᠦ)᠂ ᠡᠰᠡᠪᠡᠯ ᠬᠤᠪᠢ ᠵᠢᠨ ᠰᠤᠷᠠᠭ ᠵᠠᠩᠬᠢ ᠵᠢ ᠬᠡᠷᠡᠭᠯᠡᠬᠦ ᠲᠤᠬᠠᠢ ᠵᠥᠪᠰᠢᠶᠡᠷᠡᠯ ᠵᠢᠨᠨ ᠪᠤᠴᠠᠭᠠᠵᠤ ᠠᠪᠬᠤ ᠭᠡᠪᠡᠯ᠂ ᠨᠡᠢᠬᠡᠮ ᠲᠣᠭᠣᠷᠢᠭ ᠤ᠋ᠨ ᠳᠠᠩᠰᠠ ᠪᠦᠷᠢᠳᠬᠡᠬᠦᠯᠦᠭᠰᠡᠨ ᠰᠦᠯᠵᠢᠶ᠎ᠡ (id.openkylin.top) ᠳ᠋ᠤ᠌ ᠳᠠᠩᠰᠠ ᠪᠡᠷ ᠵᠢᠨᠨ ᠨᠡᠪᠳᠡᠷᠡᠵᠤ᠂《 ᠬᠤᠪᠢ ᠬᠥᠮᠦᠨ ᠤ᠋ ᠲᠥᠪ》 ᠲᠤ᠌ ᠡᠬᠦᠨ ᠢ᠋ ᠬᠦᠢᠴᠡᠳᠬᠡᠵᠤ ᠪᠤᠯᠤᠨ᠎ᠠ᠃
      ᠲᠠ ᠬᠤᠪᠢ ᠵᠢᠨ ᠨᠢᠭᠤᠴᠠ ᠵᠢᠨ ᠲᠥᠷᠥ ᠵᠢᠨ ᠪᠣᠳᠣᠯᠭ᠎ᠠ ᠳ᠋ᠤ᠌ ᠨᠡᠢᠳᠡᠯᠡᠭᠰᠡᠨ ᠬᠠᠷᠢᠯᠴᠠᠬᠤ ᠠᠷᠭ᠎ᠠ ᠪᠡᠷ ᠮᠠᠨ ᠲᠠᠢ ᠬᠠᠷᠢᠯᠴᠠᠵᠤ ᠪᠢᠴᠢᠭ ᠤ᠋ᠨ ᠬᠡᠯᠪᠡᠷᠢ ᠪᠡᠷ ᠲᠠᠨ ᠤ᠋ ᠬᠤᠪᠢ ᠵᠢᠨ ᠰᠤᠷᠠᠭ ᠵᠠᠩᠬᠢ ᠵᠢᠨ ᠬᠤᠪᠢᠯᠪᠤᠷᠢ ᠵᠢ ᠣᠯᠵᠤ ᠠᠪᠬᠤ ᠪᠡᠷ ᠭᠤᠶᠤᠴᠢᠯᠠᠵᠤ ᠪᠤᠯᠤᠨ᠎ᠠ᠃ ᠤᠯᠤᠰ ᠤ᠋ᠨ ᠢᠨᠲᠸᠷ ᠰᠦᠯᠵᠢᠶᠡᠨ ᠤ᠋ ᠮᠡᠳᠡᠭᠡ ᠵᠠᠩᠬᠢ ᠵᠢᠨ ᠰᠠᠯᠠᠭ᠎ᠠ ᠮᠥᠴᠢᠷ ᠤ᠋ᠨ ᠳᠤᠭᠳᠠᠭᠠᠭᠰᠠᠨ ᠲᠤᠭᠳᠠᠭᠠᠯ ᠳ᠋ᠤ᠌ ᠨᠡᠢᠴᠡᠬᠦ ᠮᠦᠷᠳᠡᠭᠡᠨ ᠮᠡᠷᠭᠡᠵᠢᠯ ᠵᠢᠡᠷ ᠰᠢᠢᠳᠪᠦᠷᠢᠯᠡᠵᠤ ᠪᠣᠯᠬᠤ ᠳᠤᠬᠢᠶᠠᠯᠳᠤᠯ ᠳ᠋ᠤ᠌᠂ ᠵᠢᠱ᠌ᠢᠶᠡᠯᠡᠪᠡᠯ ᠳ᠋ᠠᠢᠲ᠋ᠠ ᠵᠢᠨ ᠵᠠᠯᠭᠠᠭᠠᠳᠠᠰᠤ ᠠᠪᠴᠠᠯᠳᠤᠭᠰᠠᠨ ᠦᠶ᠎ᠡ ᠳ᠋ᠤ᠌ ᠪᠢᠳᠡ ᠲᠠᠨ ᠤ᠋ ᠭᠤᠶᠤᠴᠢᠯᠠᠭᠰᠠᠨ ᠶᠣᠰᠣᠭᠠᠷ ᠣᠳᠣᠬᠠᠨ ᠤ᠋ ᠮᠡᠷᠭᠡᠵᠢᠯ ᠢ᠋ ᠠᠰᠢᠭᠯᠠᠨ ᠲᠠᠨ ᠤ᠋ ᠬᠤᠪᠢ ᠵᠢᠨ ᠰᠤᠷᠠᠭ ᠵᠠᠩᠬᠢ ᠵᠢᠨ ᠬᠤᠪᠢᠯᠪᠤᠷᠢ ᠵᠢ ᠲᠠᠨ ᠤ᠋ ᠵᠢᠭᠠᠭᠰᠠᠨ ᠭᠤᠷᠪᠠᠳᠠᠭᠴᠢ ᠡᠳᠡᠭᠡᠳ ᠲᠤ᠌ ᠰᠢᠭ᠋ᠤᠳ ᠦᠭᠴᠤ ᠪᠤᠯᠤᠨ᠎ᠠ᠃ ᠬᠡᠷᠪᠡ ᠲᠤᠰ ᠭᠤᠷᠪᠠᠳᠠᠭᠴᠢ ᠡᠳᠡᠭᠡᠳ ᠲᠠᠨ ᠤ᠋ ᠰᠤᠷᠠᠭ ᠵᠠᠩᠬᠢ ᠵᠢᠨ ᠬᠤᠪᠢᠯᠪᠤᠷᠢ ᠵᠢ ᠬᠦᠯᠢᠶᠡᠵᠤ ᠠᠪᠬᠤ ᠵᠢ ᠳᠡᠪᠴᠢᠭᠰᠡᠨ ᠡᠴᠡ ᠪᠣᠯᠵᠤ ᠳᠠᠮᠵᠢᠭᠤᠯᠤᠯᠭ᠎ᠠ ᠳᠠᠰᠤᠷᠠᠭᠰᠠᠨ ᠪᠣᠯ᠂ ᠲᠠ ᠥᠪᠡᠷ ᠵᠢᠨᠨ ᠲᠤᠰ ᠭᠤᠷᠪᠠᠳᠠᠭᠴᠢ ᠡᠳᠡᠭᠡᠳ ᠲᠠᠢ ᠬᠣᠯᠪᠣᠭᠳᠠᠵᠤ ᠰᠢᠢᠳᠪᠦᠷᠢᠯᠡᠬᠦ ᠴᠢᠬᠤᠯᠠᠳᠠᠢ᠂ ᠪᠢᠳᠡ ᠡᠬᠦᠨ ᠳ᠋ᠤ᠌ ᠳᠠᠬᠢᠵᠤ ᠬᠠᠷᠢᠭᠤᠴᠠᠬᠤ ᠥᠬᠡᠢ᠃
      ᠬᠡᠷᠪᠡ ᠲᠠ ᠳᠡᠭᠡᠷᠡᠬᠢ ᠠᠷᠭ᠎ᠠ ᠪᠡᠷ ᠬᠤᠪᠢ ᠵᠢᠨ ᠰᠤᠷᠠᠭ ᠵᠠᠩᠬᠢ ᠵᠢᠨ ᠡᠷᠬᠡ ᠪᠡᠨ ᠣᠯᠵᠤ ᠡᠳ᠋ᠯᠡᠬᠦ ᠥᠬᠡᠢ ᠪᠤᠶᠤ ᠵᠠᠷᠢᠮ ᠳᠤᠰᠬᠠᠢ ᠰᠤᠷᠠᠭ ᠵᠠᠩᠬᠢ ᠵᠢᠨ ᠡᠷᠬᠡ ᠵᠢ ᠠᠰᠢᠭᠯᠠᠬᠤ ᠵᠢᠨ ᠠᠷᠭ᠎ᠠ ᠥᠬᠡᠢ ᠪᠣᠯ᠂ ᠲᠠ ᠳᠡᠷᠡ ᠳᠠᠷᠤᠢ ᠲᠤᠰ ᠬᠤᠪᠢ ᠵᠢᠨ ᠨᠢᠭᠤᠴᠠ ᠵᠢᠨ ᠲᠥᠷᠥ ᠵᠢᠨ ᠪᠣᠳᠣᠯᠭ᠎ᠠ ᠪᠤᠶᠤ ᠬᠠᠮᠢᠶᠠᠳᠠᠢ ᠪᠦᠳᠦᠬᠡᠭᠳᠡᠬᠦᠨ᠂ ᠦᠢᠯᠡᠴᠢᠯᠡᠬᠡᠨ ᠳ᠋ᠤ᠌ ᠵᠠᠷᠯᠠᠭᠰᠠᠨ ᠬᠠᠷᠢᠯᠴᠠᠬᠤ ᠠᠷᠭ᠎ᠠ ᠪᠡᠷ ᠮᠠᠨ ᠲᠠᠢ ᠰᠢᠭ᠋ᠤᠳ ᠬᠠᠷᠢᠯᠴᠠᠵᠤ ᠪᠤᠯᠤᠨ᠎ᠠ᠃ ᠪᠢᠳᠡ ᠠᠷᠪᠠᠨ ᠲᠠᠪᠤᠨ ᠠᠵᠢᠯ ᠤ᠋ᠨ ᠡᠳᠦᠷ ᠤ᠋ᠨ ᠲᠤᠳᠤᠷ᠎ᠠ ᠲᠠᠨ ᠳ᠋ᠤ᠌ ᠬᠠᠷᠢᠭᠤ ᠥᠭᠬᠦ ᠪᠤᠯᠤᠨ᠎ᠠ᠃ ᠲᠠᠨ ᠤ᠋ ᠬᠤᠪᠢ ᠵᠢᠨ ᠰᠤᠷᠠᠭ ᠵᠠᠩᠬᠢ ᠵᠢᠨ ᠠᠮᠤᠷ ᠳᠦᠪᠰᠢᠨ ᠢ᠋ ᠪᠠᠳᠤᠯᠠᠬᠤ ᠵᠢᠨ ᠳᠦᠯᠦᠬᠡ᠂ ᠪᠢᠳᠡ ᠲᠠᠨ ᠤ᠋ ᠪᠡᠶ᠎ᠡ ᠵᠢᠨ ᠭᠠᠷᠤᠯ ᠢ᠋ ᠪᠠᠳᠤᠯᠠᠭᠠᠵᠢᠭᠤᠯᠬᠤ ᠪᠡᠷ ᠱᠠᠭᠠᠷᠳᠠᠨ᠎ᠠ᠃
      ᠲᠠᠨ ᠤ᠋ ᠠᠩᠬᠠᠷᠬᠤ ᠴᠢᠬᠤᠯᠠᠳᠠᠢ ᠵᠦᠢᠯ ᠭᠡᠪᠡᠯ᠂ ᠲᠠᠨ ᠤ᠋ ᠳᠤᠰᠢᠶᠠᠭᠰᠠᠨ ᠬᠤᠪᠢ ᠵᠢᠨ ᠰᠤᠷᠠᠭ ᠵᠠᠩᠬᠢ ᠦᠨᠡᠨ ᠪᠤᠳᠠᠳᠠᠢ᠂ ᠴᠠᠭᠴᠢ᠂ ᠪᠦᠷᠢᠨ ᠪᠦᠳᠦᠨ᠂ ᠵᠥᠪ ᠤᠨᠤᠪᠴᠢᠳᠠᠢ ᠪᠠᠢᠬᠤ ᠵᠢ ᠬᠠᠷᠭᠤᠭᠤᠯᠬᠤ ᠴᠢᠬᠤᠯᠠᠳᠠᠢ᠃ ᠡᠰᠡ ᠳᠡᠢᠮᠤ ᠪᠣᠯ ᠪᠢᠳᠡ ᠲᠠᠨ ᠲᠠᠢ ᠦᠷ᠎ᠡ ᠳ᠋ᠦᠩ ᠲᠠᠢ ᠬᠠᠷᠢᠯᠴᠠᠵᠤ ᠴᠢᠳᠠᠬᠤ ᠥᠬᠡᠢ ᠡᠴᠡ ᠲᠠᠨ ᠳ᠋ᠤ᠌ ᠵᠠᠷᠢᠮ ᠦᠢᠯᠡᠴᠢᠯᠡᠬᠡ ᠵᠢ ᠬᠠᠩᠭᠠᠵᠤ ᠴᠢᠳᠠᠬᠤ ᠥᠬᠡᠢ᠃ ᠲᠠᠨ ᠤ᠋ ᠳᠤᠰᠢᠶᠠᠭᠰᠠᠨ ᠮᠠᠲᠸᠷᠢᠶᠠᠯ ᠠᠯᠳᠠᠭ᠎ᠠ ᠲᠠᠢ᠂ ᠪᠦᠷᠢᠨ ᠪᠤᠰᠤ᠂ ᠬᠤᠳᠠᠯ ᠪᠣᠯᠬᠤ ᠵᠢ ᠰᠡᠵᠢᠭᠯᠡᠬᠦ ᠰᠢᠯᠳᠠᠭᠠᠨ ᠲᠠᠢ ᠦᠶ᠎ᠡ ᠳ᠋ᠤ᠌᠂ ᠪᠢᠳᠡ ᠲᠠᠨ ᠡᠴᠡ ᠠᠰᠠᠭᠤᠨ ᠯᠠᠪᠯᠠᠬᠤ ᠪᠤᠶᠤ ᠮᠡᠳᠡᠭᠳᠡᠯ ᠭᠠᠷᠭᠠᠵᠤ ᠵᠠᠰᠠᠭᠤᠯᠬᠤ ᠡᠷᠬᠡ ᠲᠠᠢ᠂ ᠴᠢᠨᠠᠭᠰᠢᠯᠠᠭᠠᠳ ᠲᠦᠷ ᠵᠣᠭᠰᠣᠭᠠᠬᠤ ᠪᠤᠶᠤ ᠲᠠᠨ ᠳ᠋ᠤ᠌ ᠦᠢᠯᠡᠴᠢᠯᠡᠬᠦ ᠪᠡᠨ ᠵᠣᠭᠰᠣᠬᠤ ᠡᠷᠬᠡ ᠲᠠᠢ᠃
      ᠲᠠᠨ ᠤ᠋ ᠠᠩᠬᠠᠷᠬᠤ ᠴᠢᠬᠤᠯᠠᠳᠠᠢ ᠪᠠᠰᠠ ᠨᠢᠭᠡᠨ ᠵᠦᠢᠯ ᠭᠡᠪᠡᠯ᠂ ᠲᠠᠨ ᠤ᠋ ᠪᠤᠴᠠᠭᠠᠨ ᠠᠪᠬᠤ ᠵᠥᠪᠰᠢᠶᠡᠷᠡᠯ ᠪᠤᠶᠤ ᠬᠤᠪᠢ ᠵᠢᠨ ᠰᠤᠷᠠᠭ ᠵᠠᠩᠬᠢ ᠵᠢ ᠬᠠᠰᠤᠬᠤ ᠭᠤᠶᠤᠴᠢᠯᠠᠯ ᠢ᠋ ᠬᠦᠢᠴᠡᠳᠬᠡᠬᠦ ᠪᠡᠷ ᠰᠢᠢᠳᠦᠭᠰᠡᠨ ᠦᠶ᠎ᠡ ᠳ᠋ᠤ᠌᠂ ᠪᠢᠳᠡ ᠬᠠᠷᠠᠭᠠᠯᠵᠠᠭᠰᠠᠨ ᠬᠤᠪᠢ ᠵᠢᠨ ᠰᠤᠷᠠᠭ ᠵᠠᠩᠬᠢ ᠵᠢ ᠳᠠᠬᠢᠵᠤ ᠰᠢᠢᠳᠪᠦᠷᠢᠯᠡᠬᠦ ᠥᠬᠡᠢ᠂ ᠡᠬᠦᠨ ᠤ᠋ ᠵᠡᠷᠬᠡᠴᠡᠬᠡ ᠮᠠᠨ ᠵᠢᠡᠷ ᠳᠠᠮᠵᠢᠨ ᠲᠠᠨ ᠤ᠋ ᠰᠤᠷᠠᠭ ᠵᠠᠩᠬᠢ ᠵᠢ ᠬᠤᠪᠢᠶᠠᠯᠴᠠᠭᠰᠠᠨ ᠭᠤᠷᠪᠠᠳᠠᠭᠴᠢ ᠡᠳᠡᠭᠡᠳ ᠲᠤ᠌ ᠮᠡᠳᠡᠭᠳᠡᠵᠤ᠂ᠲᠠᠨ ᠤ᠋ ᠰᠤᠷᠠᠭ ᠵᠠᠩᠬᠢ ᠵᠢ ᠳᠡᠷᠡ ᠳᠠᠷᠤᠢ ᠬᠠᠰᠤᠬᠤ ᠵᠢ ᠱᠠᠭᠠᠷᠳᠠᠨ᠎ᠠ᠂ ᠭᠡᠬᠦ ᠳ᠋ᠤ᠌ ᠪᠡᠨ ᠡᠨᠡ ᠨᠢ ᠬᠠᠤᠯᠢ ᠴᠠᠭᠠᠵᠠ ᠬᠠᠤᠯᠢ ᠳᠦᠷᠢᠮ ᠳ᠋ᠤ᠌ ᠳᠤᠭᠳᠠᠭᠠᠭᠰᠠᠨ ᠪᠤᠰᠤᠳ ᠵᠦᠢᠯ ᠡᠴᠡ ᠭᠠᠳᠠᠨ᠎ᠠ᠂ ᠡᠰᠡᠪᠡᠯ ᠲᠤᠰ ᠭᠤᠷᠪᠠᠳᠠᠭᠴᠢ ᠡᠳᠡᠭᠡᠳ ᠨᠢᠭᠡᠨᠳᠡ ᠲᠠᠨ ᠤ᠋ ᠳᠤᠰᠠᠭᠠᠷ ᠵᠥᠪᠰᠢᠶᠡᠷᠡᠯ ᠢ᠋ ᠣᠯᠤᠭᠰᠠᠨ ᠪᠠᠢᠳᠠᠯ ᠣᠷᠣᠰᠢᠬᠤ ᠳᠤᠬᠢᠶᠠᠯᠳᠤᠯ ᠳ᠋ᠤ᠌ ᠶᠠᠪᠤᠭᠳᠠᠨ᠎ᠠ᠃ ᠲᠠᠨ ᠤ᠋ ᠪᠤᠴᠠᠭᠠᠨ ᠠᠪᠬᠤ ᠪᠡᠷ ᠳᠤᠭᠳᠠᠭᠰᠠᠨ ᠵᠥᠪᠰᠢᠶᠡᠷᠡᠯ ᠨᠢ ᠲᠠᠨ ᠤ᠋ ᠵᠥᠪᠰᠢᠶᠡᠷᠡᠯ ᠳ᠋ᠤ᠌ ᠰᠠᠭᠤᠷᠢᠯᠠᠨ ᠶᠠᠪᠤᠭᠳᠠᠭᠰᠠᠨ ᠬᠤᠪᠢ ᠵᠢᠨ ᠰᠤᠷᠠᠭ ᠵᠠᠩᠬᠢ ᠰᠢᠢᠳᠪᠦᠷᠢᠯᠡᠯᠳᠡ ᠵᠢᠨ ᠬᠠᠤᠯᠢ ᠶᠣᠰᠣᠨ ᠤ᠋ ᠴᠢᠨᠠᠷ ᠲᠤ᠌ ᠨᠦᠯᠦᠬᠡᠯᠡᠬᠦ ᠥᠬᠡᠢ᠃ ᠬᠡᠷᠪᠡ ᠬᠠᠤᠯᠢ ᠴᠠᠭᠠᠵᠠ᠂ ᠵᠠᠰᠠᠭ ᠵᠠᠬᠢᠷᠭᠠᠨ ᠤ᠋ ᠳᠤᠭᠳᠠᠭᠠᠯ ᠳ᠋ᠤ᠌ ᠵᠢᠭᠠᠭᠰᠠᠨ ᠬᠠᠳᠠᠭᠠᠯᠠᠬᠤ ᠬᠤᠭᠤᠴᠠᠭ᠎ᠠ ᠳᠠᠭᠤᠰᠤᠭ᠎ᠠ ᠥᠬᠡᠢ ᠪᠣᠯ᠂ ᠡᠰᠡᠪᠡᠯ ᠬᠤᠪᠢ ᠵᠢᠨ ᠰᠤᠷᠠᠭ ᠵᠠᠩᠬᠢ ᠵᠢ ᠬᠠᠰᠤᠬᠤ ᠵᠢ ᠮᠡᠷᠭᠡᠵᠢᠯ ᠵᠢᠡᠷ ᠰᠢᠢᠳᠪᠦᠷᠢᠯᠡᠵᠤ ᠴᠢᠳᠠᠬᠤ ᠥᠬᠡᠢ ᠪᠣᠯ᠂ ᠪᠢᠳᠡ ᠬᠠᠳᠠᠭᠠᠯᠠᠬᠤ ᠵᠢ ᠵᠣᠭᠰᠣᠭᠠᠬᠤ ᠪᠠ ᠵᠤᠬᠢᠰᠳᠠᠢ ᠠᠷᠭ᠎ᠠ ᠬᠡᠮᠵᠢᠶ᠎ᠡ ᠠᠪᠴᠤ ᠠᠮᠤᠷ ᠳᠦᠪᠰᠢᠨ ᠤ᠋ ᠬᠠᠮᠠᠭᠠᠯᠠᠯᠳᠠ ᠵᠢᠨ ᠠᠷᠭ᠎ᠠ ᠡᠴᠡ ᠪᠤᠰᠤᠳ ᠰᠢᠢᠳᠪᠦᠷᠢᠯᠡᠯᠳᠡ ᠵᠢ ᠬᠦᠢᠴᠡᠳᠬᠡᠨ᠎ᠡ᠃
     ᠲᠠᠨ ᠤ᠋ ᠵᠦᠢ ᠶᠣᠰᠣᠨ ᠤ᠋ ᠱᠠᠭᠠᠷᠳᠠᠯᠭ᠎ᠠ ᠵᠢᠨ ᠲᠠᠯ᠎ᠠ ᠪᠡᠷ ᠪᠢᠳᠡ ᠳᠦᠯᠦᠪᠦᠷᠢ ᠬᠤᠷᠢᠶᠠᠬᠤ ᠥᠬᠡᠢ᠂ ᠬᠡᠪᠡᠴᠤ ᠣᠯᠠᠨ ᠳᠠᠬᠢᠨ ᠤᠳᠠᠭ᠎ᠠ ᠪᠤᠶᠤ ᠵᠦᠢ ᠶᠣᠰᠣᠨ ᠤ᠋ ᠱᠠᠭᠠᠷᠳᠠᠯᠭ᠎ᠠ ᠡᠴᠡ ᠳᠠᠪᠠᠭᠰᠠᠨ ᠪᠠᠢᠳᠠᠯ ᠳ᠋ᠤ᠌ ᠵᠣᠬᠢᠬᠤ ᠥᠪᠡᠷ ᠤ᠋ᠨ ᠥᠷᠲᠡᠭ ᠤ᠋ᠨ ᠳᠦᠯᠦᠪᠦᠷᠢ ᠬᠤᠷᠢᠶᠠᠬᠤ ᠪᠤᠯᠤᠨ᠎ᠠ᠃ ᠳᠡᠳᠡᠭᠡᠷ ᠰᠢᠯᠳᠠᠭ ᠦᠭᠡᠢ ᠪᠡᠷ ᠳᠠᠬᠢᠨ ᠳᠠᠪᠳᠠᠬᠤ᠂ ᠬᠡᠳᠦ ᠶᠡᠬᠡ ᠮᠡᠷᠭᠡᠵᠢᠯ ᠤ᠋ ᠠᠷᠭ᠎ᠠ ᠠᠪᠴᠠᠯ ( ᠰᠢᠨ᠎ᠡ ᠰᠢᠰᠲ᠋ᠧᠮ ᠨᠡᠬᠡᠬᠡᠨ ᠬᠦᠭᠵᠢᠬᠦᠯᠬᠦ ᠱᠠᠭᠠᠷᠳᠠᠯᠭ᠎ᠠ ᠲᠠᠢ ᠪᠤᠶᠤ ᠣᠳᠣᠬᠠᠨ ᠤ᠋ ᠵᠤᠷᠰᠢᠯ ᠢ᠋ ᠦᠨᠳᠦᠰᠦᠨ ᠡᠴᠡ ᠨᠢ ᠥᠭᠡᠷᠡᠴᠢᠯᠡᠬᠦ ᠴᠢᠬᠤᠯᠠᠳᠠᠢ ᠦᠶ᠎ᠡ ᠳ᠋ᠤ᠌) ᠠᠪᠬᠤ᠂ ᠪᠤᠰᠤᠳ ᠤ᠋ᠨ ᠬᠠᠤᠯᠢ ᠶᠣᠰᠣᠨ ᠤ᠋ ᠡᠷᠬᠡ ᠠᠰᠢᠭ᠋ ᠲᠤ᠌ ᠬᠣᠬᠢᠷᠠᠯ ᠤᠴᠠᠷᠠᠭᠤᠯᠬᠤ ᠡᠰᠡᠪᠡᠯ ᠪᠤᠳᠠᠳᠠᠢ ᠳ᠋ᠤ᠌ ᠮᠠᠰᠢ ᠨᠡᠢᠴᠡᠬᠦ ᠥᠬᠡᠢ ( ᠨᠥᠭᠡᠴᠡ ᠬᠠᠳᠠᠭᠤ ᠳ᠋ᠢᠰᠺ ᠲᠤ᠌ ᠬᠠᠳᠠᠭᠠᠯᠠᠭᠰᠠᠨ ᠰᠤᠷᠠᠭ ᠵᠠᠩᠬᠢ ᠲᠠᠢ ᠬᠣᠯᠪᠣᠭᠳᠠᠭᠰᠠᠨ) ᠭᠤᠶᠤᠴᠢᠯᠠᠯ ᠢ᠋ ᠪᠢᠳᠡ ᠳᠡᠪᠴᠢᠬᠦ ᠪᠤᠯᠤᠨ᠎ᠠ᠃
     ᠳᠠᠷᠠᠭᠠᠬᠢ ᠲᠣᠬᠢᠶᠠᠯᠳᠤᠯ ᠳ᠋ᠤ᠌ ᠪᠢᠳᠡ ᠬᠠᠤᠯᠢ ᠴᠠᠭᠠᠵᠠ ᠬᠠᠤᠯᠢ ᠳᠦᠷᠢᠮ ᠤ᠋ᠨ ᠱᠠᠭᠠᠷᠳᠠᠯᠭ᠎ᠠ ᠶᠣᠰᠣᠭᠠᠷ ᠲᠠᠨ ᠤ᠋ ᠬᠦᠰᠡᠯ ᠱᠠᠭᠠᠷᠳᠠᠯᠭ᠎ᠠ ᠵᠢ ᠬᠠᠩᠭᠠᠵᠤ ᠴᠢᠳᠠᠬᠤ ᠥᠬᠡᠢ ᠪᠠᠢᠵᠤ ᠮᠡᠳᠡᠨ᠎ᠡ᠄
     ᠬᠠᠤᠯᠢ ᠴᠠᠭᠠᠵᠠ ᠬᠠᠤᠯᠢ ᠳᠦᠷᠢᠮ ᠳ᠋ᠤ᠌ ᠵᠢᠭᠠᠭᠰᠠᠨ ᠡᠬᠦᠷᠬᠡ ᠵᠢ ᠬᠦᠢᠴᠡᠳᠬᠡᠬᠦ ᠲᠠᠢ ᠬᠣᠯᠪᠣᠭᠳᠠᠭᠰᠠᠨ ᠦᠶ᠎ᠡ ᠳ᠋ᠤ᠌
    ᠤᠯᠤᠰ ᠤ᠋ᠨ ᠠᠮᠤᠷ ᠳᠦᠪᠰᠢᠨ᠂ ᠤᠯᠤᠰ ᠤ᠋ᠨ ᠪᠠᠳᠤᠯᠠᠨ ᠬᠠᠮᠠᠭᠠᠯᠠᠬᠤ ᠵᠢᠨ ᠠᠮᠤᠷ ᠳᠦᠪᠰᠢᠨ ᠲᠠᠢ ᠰᠢᠭ᠋ᠤᠳ ᠬᠣᠯᠪᠣᠭᠳᠠᠬᠤ᠂ ᠨᠡᠢᠳᠡ ᠵᠢᠨ ᠠᠮᠤᠷ ᠳᠦᠪᠰᠢᠨ᠂ ᠨᠡᠢᠳᠡ ᠵᠢᠨ ᠡᠷᠡᠭᠦᠯ ᠬᠠᠮᠠᠭᠠᠯᠠᠯ᠂ ᠲᠣᠮᠣ ᠴᠢᠬᠤᠯᠠ ᠨᠡᠢᠳᠡ ᠵᠢᠨ ᠠᠰᠢᠭ᠋ ᠲᠤᠰᠠ ᠲᠠᠢ ᠰᠢᠭ᠋ᠤᠳ ᠬᠣᠯᠪᠣᠭᠳᠠᠭᠰᠠᠨ ᠦᠶ᠎ᠡ ᠳ᠋ᠤ᠌
     ᠡᠷᠡᠬᠦᠦ ᠵᠢᠨ ᠬᠡᠷᠡᠭ ᠤ᠋ᠨ ᠮᠥᠷᠳᠡᠨ ᠪᠠᠢᠴᠠᠭᠠᠯᠳᠠ᠂ ᠵᠠᠷᠭᠤᠯᠳᠤᠬᠤ᠂ ᠰᠢᠬᠦᠨ ᠳᠠᠰᠤᠯᠬᠤ ᠪᠠ ᠰᠢᠬᠦᠨ ᠳᠠᠰᠤᠯᠤᠯᠳᠠ ᠵᠢ ᠬᠦᠢᠴᠡᠳᠬᠡᠬᠦ ᠵᠡᠷᠭᠡ ᠲᠠᠢ ᠰᠢᠭ᠋ᠤᠳ ᠬᠣᠯᠪᠣᠭᠳᠠᠭᠰᠠᠨ ᠦᠶ᠎ᠡ ᠳ᠋ᠤ᠌
     ᠲᠠᠨ ᠤ᠋ ᠪᠡᠶᠡᠴᠢ ᠬᠤᠤᠷᠤᠨ ᠰᠠᠨᠠᠭ᠎ᠠ ᠪᠤᠶᠤ ᠡᠷᠬᠡ ᠪᠡᠨ ᠳᠤᠷᠠᠪᠠᠷ ᠠᠰᠢᠭᠯᠠᠭᠰᠠᠨ ᠢ᠋ ᠪᠦᠷᠢᠨ ᠬᠡᠷᠡᠴᠢᠯᠡᠵᠤ ᠴᠢᠳᠠᠭᠰᠠᠨ ᠳᠤᠬᠢᠶᠠᠯᠳᠤᠯ ᠳ᠋ᠤ᠌
    ᠲᠠᠨ ᠤ᠋ ᠬᠦᠰᠡᠯᠳᠡ ᠲᠠ ᠪᠤᠯᠤᠨ ᠪᠤᠰᠤᠳ ᠬᠤᠪᠢ ᠬᠥᠮᠦᠨ᠂ ᠵᠣᠬᠢᠶᠠᠨ ᠪᠠᠢᠭᠤᠯᠤᠯᠳᠠ ᠵᠢᠨ ᠬᠠᠤᠯᠢ ᠶᠣᠰᠣᠨ ᠤ᠋ ᠡᠷᠬᠡ ᠠᠰᠢᠭ᠋ ᠢ᠋ ᠰᠢᠭ᠋ᠤᠳ ᠬᠣᠬᠢᠷᠠᠭᠤᠯᠤᠭᠰᠠᠨ ᠲᠣᠬᠢᠶᠠᠯᠳᠤᠯ ᠳ᠋ᠤ᠌
     ᠬᠤᠳᠠᠯᠳᠤᠭᠠᠨ ᠤ᠋ ᠨᠢᠭᠤᠴᠠ ᠳ᠋ᠤ᠌ ᠬᠣᠯᠪᠣᠭᠳᠠᠭᠰᠠᠨ ᠦᠶ᠎ᠡ ᠳ᠋ᠤ᠌
      ᠲᠠᠨ ᠤ᠋ ᠡᠰᠡᠪᠡᠯ ᠪᠤᠰᠤᠳ ᠤ᠋ᠨ ᠠᠮᠢ ᠨᠠᠰᠤ᠂ ᠡᠳ᠋ ᠬᠦᠷᠦᠩᠭᠡ ᠵᠡᠷᠭᠡ ᠲᠣᠮᠣ ᠴᠢᠬᠤᠯᠠ ᠬᠠᠤᠯᠢ ᠶᠣᠰᠣᠨ ᠤ᠋ ᠡᠷᠬᠡ ᠠᠰᠢᠭ᠋ ᠢ᠋ ᠬᠠᠮᠠᠭᠠᠯᠠᠬᠤ ᠡᠬᠦᠳᠡᠨ ᠡᠴᠡ᠂ ᠭᠡᠬᠦ ᠳ᠋ᠤ᠌ ᠪᠡᠨ ᠲᠠᠨ ᠤ᠋ ᠵᠥᠪᠰᠢᠶᠡᠷᠡᠯ ᠢ᠋ ᠣᠯᠬᠤ ᠳ᠋ᠦ᠍ ᠬᠦᠴᠢᠷ ᠳᠤᠬᠢᠶᠠᠯᠳᠤᠯ ᠳ᠋ᠤ᠌
     ᠪᠤᠰᠤᠳ ᠬᠠᠤᠯᠢ ᠴᠠᠭᠠᠵᠠ ᠬᠠᠤᠯᠢ ᠳᠦᠷᠢᠮ ᠳ᠋ᠤ᠌ ᠵᠢᠭᠠᠭᠰᠠᠨ ᠵᠦᠢᠯ
ᠵᠢᠷᠭᠤᠭ᠎ᠠ᠂Cookie ᠪᠤᠯᠤᠨ ᠳᠡᠬᠦᠨ ᠲᠠᠢ ᠢᠵᠢᠯ ᠳᠦᠰᠳᠡᠢ ᠮᠡᠷᠭᠡᠵᠢᠯ ᠢ᠋ ᠬᠡᠷᠬᠢᠨ ᠠᠰᠢᠭᠯᠠᠬᠤ ᠲᠤᠬᠠᠢ
    ᠬᠡᠷᠡᠭᠯᠡᠭᠴᠢᠳ ᠢ᠋ ᠤᠯᠠᠮ ᠰᠠᠢᠨ ᠤᠢᠯᠠᠭᠠᠵᠤ ᠳᠡᠳᠡᠨᠡᠷ ᠲᠤ᠌ ᠤᠯᠠᠮ ᠰᠠᠢᠨ ᠦᠢᠯᠡᠴᠢᠯᠡᠬᠦ ᠵᠢᠨ ᠳᠦᠯᠦᠭᠡ ᠮᠠᠨ ᠤ᠋ ᠰᠦᠯᠵᠢᠶ᠎ᠡ᠂ ᠰᠦᠯᠵᠢᠶᠡᠨ ᠳᠡᠭᠡᠷᠡᠬᠢ ᠦᠢᠯᠡᠴᠢᠯᠡᠬᠡ ᠪᠤᠯᠤᠨ ᠬᠡᠷᠡᠭᠯᠡᠭᠡᠨ ᠤ᠋ ᠫᠷᠣᠭ᠌ᠷᠠᠮ “Cookie” ᠮᠡᠷᠭᠡᠵᠢᠯ ᠢ᠋ ᠠᠰᠢᠭᠯᠠᠬᠤ ᠪᠤᠯᠤᠨ᠎ᠠ᠃ ᠡᠨᠡᠬᠦ Cookie ᠨᠢ ᠣᠷᠣᠵᠤ ᠭᠠᠷᠬᠤ ᠰᠦᠯᠵᠢᠶᠡᠨ ᠤ᠋ ᠤᠷᠤᠰᠴᠠ ᠵᠢᠴᠢ ᠬᠢᠨᠠᠨ ᠪᠠᠢᠴᠠᠭᠠᠯᠳᠠ ᠵᠢᠨ ᠠᠯᠳᠠᠭ᠎ᠠ ᠡᠴᠡ ᠪᠣᠯᠤᠭᠰᠠᠨ ᠤᠷᠤᠰᠴᠠ ᠵᠢ ᠬᠠᠳᠠᠭᠠᠯᠠᠬᠤ ᠳ᠋ᠤ᠌ ᠬᠡᠷᠡᠭᠯᠡᠬᠦ ᠲᠤᠯᠠ ᠳᠤᠬᠢᠷᠠᠭᠤᠯᠭ᠎ᠠ ᠬᠢᠬᠦ ᠬᠡᠷᠡᠭᠳᠡᠢ᠃ ᠪᠢᠳᠡ ᠡᠳᠡᠬᠡᠷ Cookie ᠵᠢ\ ᠢ᠋ ᠠᠰᠢᠭᠯᠠᠵᠤ ᠲᠠ ᠮᠠᠨ ᠤ᠋ ᠰᠦᠯᠵᠢᠶ᠎ᠡ ᠪᠤᠯᠤᠨ ᠰᠦᠯᠵᠢᠶᠡᠨ ᠳᠡᠭᠡᠷᠡᠬᠢ ᠦᠢᠯᠡᠴᠢᠯᠡᠬᠡ ᠵᠢ ᠬᠡᠷᠬᠢᠨ ᠠᠰᠢᠭᠯᠠᠵᠤ ᠪᠠᠢᠭ᠎ᠠ ᠵᠢ ᠤᠢᠯᠠᠭᠠᠬᠤ ᠪᠤᠯᠤᠨ᠎ᠠ᠃
     ᠬᠡᠷᠪᠡ ᠲᠠ Cookie ᠵᠢ\ ᠢ᠋ ᠠᠰᠢᠭᠯᠠᠬᠤ ᠵᠢ ᠳᠡᠪᠴᠢᠵᠤ᠂ Firefox ᠬᠠᠢᠭᠤᠷ ᠢ᠋ ᠬᠡᠷᠡᠭᠯᠡᠭᠰᠡᠨ ᠪᠣᠯ᠂Firefox ᠤ᠋ᠨ\ ᠵᠢᠨ ᠬᠤᠪᠢ ᠵᠢᠨ ᠨᠢᠭᠤᠴᠠ ᠪᠤᠯᠤᠨ ᠠᠶᠤᠯᠬᠦᠢ ᠵᠢᠨ ᠲᠥᠪ ᠲᠤ᠌ ᠣᠷᠣᠵᠤ ᠳᠤᠬᠢᠷᠠᠭᠤᠯᠭ᠎ᠠ ᠬᠢᠵᠤ ᠪᠤᠯᠤᠨ᠎ᠠ᠃ ᠬᠡᠷᠪᠡ ᠲᠠ ᠪᠤᠰᠤᠳ ᠬᠠᠢᠭᠤᠷ ᠢ᠋ ᠬᠡᠷᠡᠭᠯᠡᠭᠰᠡᠨ ᠪᠣᠯ᠂ ᠬᠣᠯᠪᠣᠭᠳᠠᠬᠤ ᠬᠠᠩᠭᠠᠯᠭ᠎ᠠ ᠵᠢᠨ ᠬᠤᠳᠠᠯᠳᠤᠭᠠᠴᠢᠨ ᠡᠴᠡ ᠪᠤᠳᠠᠳᠠᠢ ᠳᠦᠰᠦᠯ ᠢ᠋ ᠠᠰᠠᠭᠤᠨ ᠯᠠᠪᠯᠠᠵᠤ ᠪᠤᠯᠤᠨ᠎ᠠ᠃
     《 ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠰᠦᠯᠵᠢᠶᠡᠨ ᠤ᠋ ᠠᠮᠤᠷ ᠳᠦᠪᠰᠢᠨ ᠤ᠋ ᠬᠠᠤᠯᠢ》 ᠵᠢᠨ ᠳᠠᠯᠠᠨ ᠵᠢᠷᠭᠤᠳᠤᠭᠠᠷ ᠵᠤᠷᠪᠤᠰ ᠤ᠋ᠨ ᠳᠠᠪᠤᠳᠤᠭᠠᠷ ᠬᠡᠰᠡᠭ ᠢ᠋ ᠦᠨᠳᠦᠰᠦᠯᠡᠪᠡᠯ᠂ ᠬᠤᠪᠢ ᠵᠢᠨ ᠰᠤᠷᠠᠭ ᠵᠠᠩᠬᠢ ᠭᠡᠳᠡᠭ ᠨᠢ ᠡᠯᠸᠺᠲ᠋ᠤᠷᠠᠨ ᠪᠤᠶᠤ ᠪᠤᠰᠤᠳ ᠠᠷᠭ᠎ᠠ ᠪᠡᠷ ᠳᠡᠮᠳᠡᠭᠯᠡᠭᠰᠡᠨ ᠳᠠᠩ ᠭᠠᠭᠴᠠ ᠡᠰᠡᠪᠡᠯ ᠪᠤᠰᠤᠳ ᠰᠤᠷᠠᠭ ᠵᠠᠩᠬᠢ ᠲᠠᠢ ᠨᠢᠭᠡᠳᠬᠡᠭᠰᠡᠨ ᠪᠠᠢᠭᠠᠯᠢᠭ ᠬᠤᠪᠢ ᠬᠥᠮᠦᠨ ᠤ᠋ ᠪᠡᠶ᠎ᠡ ᠵᠢᠨ ᠭᠠᠷᠤᠯ ᠢ᠋ ᠢᠯᠭᠠᠨ ᠳᠠᠨᠢᠬᠤ ᠡᠯ᠎ᠡ ᠳᠦᠷᠦᠯ ᠤ᠋ᠨ ᠰᠤᠷᠠᠭ ᠵᠠᠩᠬᠢ ᠵᠢ ᠵᠢᠭᠠᠨ᠎ᠠ᠂ ᠡᠬᠦᠨ ᠳ᠋ᠤ᠌ ᠪᠠᠢᠭᠠᠯᠢᠭ ᠬᠤᠪᠢ ᠬᠥᠮᠦᠨ ᠤ᠋ ᠨᠡᠷ᠎ᠡ᠂ ᠳᠦᠷᠦᠭᠰᠡᠨ ᠤᠨ ᠰᠠᠷ᠎ᠠ᠂ ᠪᠡᠶ᠎ᠡ ᠵᠢᠨ ᠦᠨᠡᠮᠯᠡᠬᠦ ᠵᠢᠨ ᠳ᠋ᠤᠭᠠᠷ᠂ ᠬᠤᠪᠢ ᠬᠥᠮᠦᠨ ᠤ᠋ ᠪᠢᠤᠯᠤᠬᠢ ᠵᠢᠨ ᠢᠯᠭᠠᠨ ᠳᠠᠨᠢᠬᠤ ᠰᠤᠷᠠᠭ ᠵᠠᠩᠬᠢ᠂ ᠬᠠᠶᠢᠭ᠂ ᠤᠳᠠᠰᠤᠨ ᠤ᠋ ᠳ᠋ᠤᠭᠠᠷ ᠵᠡᠷᠭᠡ ᠵᠢ ᠪᠠᠭᠳᠠᠭᠠᠬᠤ ᠮᠦᠷᠳᠡᠬᠡᠨ ᠵᠥᠪᠬᠡᠨ ᠡᠬᠦᠨ ᠳ᠋ᠤ᠌ ᠬᠢᠵᠠᠭᠠᠷᠯᠠᠭᠳᠠᠬᠤ ᠥᠬᠡᠢ᠃ ᠬᠡᠷᠪᠡ Cookie ᠲᠤ᠌\ ᠳ᠋ᠤ᠌ ᠳᠡᠭᠡᠷᠡᠬᠢ ᠰᠤᠷᠠᠭ ᠵᠠᠩᠬᠢ ᠪᠠᠭᠳᠠᠭᠰᠠᠨ ᠪᠣᠯ᠂ ᠡᠰᠡᠪᠡᠯ Cookie ᠵᠢᠡᠷ\ ᠪᠡᠷ ᠳᠠᠮᠵᠢᠨ ᠬᠣᠷᠢᠶᠠᠨ ᠴᠤᠭᠯᠠᠭᠤᠯᠤᠭᠰᠠᠨ ᠬᠤᠪᠢ ᠵᠢᠨ ᠪᠤᠰᠤ ᠰᠤᠷᠠᠭ ᠵᠠᠩᠬᠢ ᠨᠢ ᠪᠤᠰᠤᠳ ᠬᠤᠪᠢ ᠬᠥᠮᠦᠨ ᠤ᠋ ᠰᠤᠷᠠᠭ ᠵᠠᠩᠬᠢ ᠲᠠᠢ ᠨᠢᠬᠡᠳᠦᠭᠰᠡᠨ ᠤ᠋ ᠳᠠᠷᠠᠭᠠᠬᠢ ᠰᠤᠷᠠᠭ ᠵᠠᠩᠬᠢ ᠵᠢ ᠲᠤᠰ ᠬᠤᠪᠢ ᠵᠢᠨ ᠨᠢᠭᠤᠴᠠ ᠵᠢ ᠬᠠᠮᠠᠭᠠᠯᠠᠬᠤ ᠲᠥᠷᠥ ᠵᠢᠨ ᠪᠣᠳᠣᠯᠭ᠎ᠠ ᠵᠢᠨ ᠬᠠᠷᠠᠯᠳᠠ ᠪᠡᠷ ᠨᠢᠬᠡᠳᠬᠡᠭᠰᠡᠨ ᠤ᠋ ᠳᠠᠷᠠᠭᠠᠬᠢ ᠰᠤᠷᠠᠭ ᠵᠠᠩᠬᠢ ᠵᠢ ᠬᠤᠪᠢ ᠵᠢᠨ ᠨᠢᠭᠤᠴᠠ ᠵᠢᠨ ᠰᠤᠷᠠᠭ ᠵᠠᠩᠬᠢ ᠪᠡᠷ ᠦᠵᠡᠵᠤ᠂《openKylin ᠬᠤᠪᠢ ᠵᠢᠨ ᠰᠤᠷᠠᠭ ᠵᠠᠩᠬᠢ ᠵᠢᠨ ᠬᠠᠮᠠᠭᠠᠯᠠᠯᠳᠠ ᠵᠢᠴᠢ ᠬᠤᠪᠢ ᠵᠢᠨ ᠨᠢᠭᠤᠴᠠ ᠵᠢᠨ ᠲᠥᠷᠥ ᠵᠢᠨ ᠪᠣᠳᠣᠯᠭ᠎ᠠ ᠵᠢᠨ ᠢᠯᠡᠷᠬᠡᠢᠯᠡᠯᠳᠡ》 ᠲᠠᠢ ᠬᠠᠷᠢᠴᠠᠭᠤᠯᠵᠤ᠂ ᠲᠠᠨ ᠤ᠋ ᠬᠤᠪᠢ ᠵᠢᠨ ᠰᠤᠷᠠᠭ ᠵᠠᠩᠬᠢ ᠳ᠋ᠤ᠌ ᠬᠠᠷᠠᠭᠠᠯᠵᠠᠭᠰᠠᠨ ᠠᠮᠤᠷ ᠳᠦᠪᠰᠢᠨ ᠤ᠋ ᠬᠠᠮᠠᠭᠠᠯᠠᠯᠳᠠ ᠵᠢᠨ ᠠᠷᠭ᠎ᠠ ᠠᠪᠴᠠᠯ ᠠᠪᠬᠤ ᠪᠤᠯᠤᠨ᠎ᠠ᠃
 ᠳᠣᠯᠣᠭ᠎ᠠ᠂ ᠨᠠᠰᠤᠨ ᠳ᠋ᠤ᠌ ᠦᠯᠦ ᠬᠦᠷᠦᠭᠰᠡᠳ ᠤ᠋ᠨ ᠰᠤᠷᠠᠭ ᠵᠠᠩᠬᠢ ᠵᠢᠨ ᠲᠤᠬᠠᠢ ᠲᠤᠰᠬᠠᠢ ᠲᠤᠭᠳᠠᠭᠠᠯ
 ᠬᠡᠷᠪᠡ ᠲᠠ ᠨᠠᠰᠤᠨ ᠳ᠋ᠤ᠌ ᠦᠯᠦ ᠬᠦᠷᠦᠭᠰᠡᠳ ᠪᠣᠯ᠂ ᠬᠠᠮᠢᠶᠠᠳᠠᠢ ᠬᠠᠤᠯᠢ ᠴᠠᠭᠠᠵᠠ ᠬᠠᠤᠯᠢ ᠳᠦᠷᠢᠮ ᠤ᠋ᠨ ᠳᠤᠭᠳᠠᠭᠠᠯ ᠶᠣᠰᠣᠭᠠᠷ ᠳᠠᠷᠠᠭᠠᠬᠢ ᠵᠦᠢᠯ ᠢ᠋ ᠬᠢᠵᠤ ᠬᠦᠢᠴᠡᠳᠬᠡᠨ᠎ᠡ᠄
    1᠂ ᠬᠡᠷᠪᠡ ᠡᠴᠢᠭᠡ ᠡᠬᠡᠴᠤᠯ ᠪᠤᠶᠤ ᠬᠠᠷᠠᠭᠠᠯᠵᠠᠨ ᠬᠠᠮᠠᠭᠠᠯᠠᠭᠴᠢ ᠨᠢ ᠵᠥᠪᠰᠢᠶᠡᠷᠡᠭᠰᠡᠨ ᠥᠬᠡᠢ ᠪᠣᠯ᠂ ᠨᠠᠰᠤᠨ ᠳ᠋ᠤ᠌ ᠦᠯᠦ ᠬᠦᠷᠦᠭᠰᠡᠳ ᠥᠪᠡᠷ ᠤ᠋ᠨ ᠳᠠᠩᠰᠠ ᠵᠢ ᠪᠠᠢᠭᠤᠯᠵᠤ ᠪᠣᠯᠬᠤ ᠥᠬᠡᠢ᠂ ᠮᠥᠨ openKylin ᠵᠢᠯᠣᠭᠣᠳᠬᠤ ᠰᠢᠰᠲ᠋ᠧᠮ ᠤ᠋ᠨ ᠪᠦᠳᠦᠬᠡᠭᠳᠡᠬᠦᠨ ᠢ᠋ ᠬᠡᠷᠡᠭᠯᠡᠵᠤ ᠪᠣᠯᠬᠤ ᠥᠬᠡᠢ᠃ ᠬᠡᠷᠪᠡ ᠲᠠ ᠨᠠᠰᠤᠨ ᠳ᠋ᠤ᠌ ᠦᠯᠦ ᠬᠦᠷᠦᠭᠰᠡᠳ ᠪᠣᠯ᠂ᠡᠴᠢᠭᠡ ᠡᠬᠡᠴᠤᠯ ᠪᠤᠶᠤ ᠬᠠᠷᠠᠭᠠᠯᠵᠠᠨ ᠬᠠᠮᠠᠭᠠᠯᠠᠭᠴᠢ ᠪᠡᠨ ᠵᠠᠯᠠᠵᠤ ᠲᠤᠰ ᠲᠥᠷᠥ ᠵᠢᠨ ᠪᠣᠳᠣᠯᠭ᠎ᠠ ᠵᠢ ᠨᠠᠷᠢᠨ ᠤᠩᠰᠢᠭ᠋ᠤᠯᠵᠤ᠂ ᠳᠡᠳᠡᠨᠡᠷ ᠤ᠋ᠨ ᠵᠥᠪᠰᠢᠶᠡᠷᠡᠯ ᠢ᠋ ᠣᠯᠤᠭᠰᠠᠨ ᠤ᠋ ᠳᠠᠷᠠᠭ᠎ᠠ ᠰᠠᠶᠢ ᠪᠢᠳᠡᠨ ᠤ᠋ ᠦᠢᠯᠡᠴᠢᠯᠡᠭᠡ ᠵᠢ ᠬᠦᠷᠳᠡᠬᠦ ᠪᠤᠶᠤ ᠪᠢᠳᠡᠨ ᠳ᠋ᠤ᠌ ᠰᠤᠷᠠᠭ ᠵᠠᠩᠬᠢ ᠪᠡᠨ ᠬᠠᠩᠭᠠᠵᠤ ᠪᠤᠯᠤᠨ᠎ᠠ᠃
    2᠂ ᠡᠴᠢᠭᠡ ᠡᠬᠡᠴᠤᠯ ᠪᠤᠶᠤ ᠬᠠᠷᠠᠭᠠᠯᠵᠠᠨ ᠬᠠᠮᠠᠭᠠᠯᠠᠭᠴᠢ ᠨᠢ ᠪᠢᠳᠡᠨ ᠤ᠋ ᠪᠦᠳᠦᠬᠡᠭᠳᠡᠬᠦᠨ ᠢ᠋ ᠬᠡᠷᠡᠭᠯᠡᠬᠦ ᠵᠢ ᠵᠥᠪᠰᠢᠶᠡᠷᠡᠭᠰᠡᠨ ᠤ᠋ ᠳᠠᠷᠠᠭ᠎ᠠ ᠨᠠᠰᠤᠨ ᠳ᠋ᠤ᠌ ᠦᠯᠦ ᠬᠦᠷᠦᠭᠰᠡᠳ ᠤ᠋ᠨ ᠰᠤᠷᠠᠭ ᠵᠠᠩᠬᠢ ᠵᠢ ᠬᠣᠷᠢᠶᠠᠨ ᠴᠤᠭᠯᠠᠭᠤᠯᠤᠭᠰᠠᠨ ᠪᠠᠢᠳᠠᠯ ᠳ᠋ᠤ᠌᠂ ᠪᠢᠳᠡ ᠵᠥᠪᠬᠡᠨ ᠬᠠᠤᠯᠢ ᠵᠢᠨ ᠵᠥᠪᠰᠢᠶᠡᠷᠡᠬᠦ ᠬᠡᠪᠴᠢᠶᠡᠨ ᠳ᠋ᠤ᠌᠂ᠡᠴᠢᠭᠡ ᠡᠬᠡᠴᠤᠯ ᠪᠤᠶᠤ ᠬᠠᠷᠠᠭᠠᠯᠵᠠᠨ ᠬᠠᠮᠠᠭᠠᠯᠠᠭᠴᠢ ᠵᠢᠨ ᠳᠤᠳᠤᠷᠬᠠᠢ ᠵᠥᠪᠰᠢᠶᠡᠷᠡᠯ ᠵᠢᠡᠷ᠂ ᠡᠰᠡᠪᠡᠯ ᠨᠠᠰᠤᠨ ᠳ᠋ᠤ᠌ ᠦᠯᠦ ᠬᠦᠷᠦᠭᠰᠡᠳ ᠢ᠋ ᠬᠠᠮᠠᠭᠠᠯᠠᠬᠤ ᠱᠠᠭᠠᠷᠳᠠᠯᠭ᠎ᠠ ᠡᠴᠡ ᠪᠣᠯᠤᠭᠰᠠᠨ ᠪᠠᠢᠳᠠᠯ ᠳᠤᠤᠷ᠎ᠡ ᠡᠳᠡᠭᠡᠷ ᠰᠤᠷᠠᠭ ᠵᠠᠩᠬᠢ ᠵᠢ ᠠᠰᠢᠭᠯᠠᠵᠤ᠂ ᠬᠤᠪᠢᠶᠠᠯᠴᠠᠵᠤ᠂ ᠰᠢᠯᠵᠢᠬᠦᠯᠬᠦ ᠪᠤᠶᠤ ᠵᠠᠳᠠᠷᠠᠭᠤᠯᠬᠤ ᠪᠤᠯᠤᠨ᠎ᠠ᠃
    3᠂ ᠬᠠᠷᠠᠭᠠᠯᠵᠠᠨ ᠬᠠᠮᠠᠭᠠᠯᠠᠭᠴᠢ ᠨᠢ ᠵᠣᠬᠢᠬᠤ ᠰᠡᠷᠬᠡᠢᠯᠡᠬᠦ ᠠᠷᠭ᠎ᠠ ᠠᠪᠴᠠᠯ ᠵᠢᠡᠷ ᠨᠠᠰᠤᠨ ᠳ᠋ᠤ᠌ ᠦᠯᠦ ᠬᠦᠷᠦᠭᠰᠡᠳ ᠢ᠋ ᠬᠠᠮᠠᠭᠠᠯᠠᠵᠤ᠂ ᠳᠡᠬᠦᠨ ᠤ᠋ ᠲᠤᠰ ᠪᠦᠳᠦᠬᠡᠭᠳᠡᠬᠦᠨ ᠢ᠋ ᠬᠡᠷᠡᠭᠯᠡᠬᠦ ᠵᠢ ᠬᠢᠨᠠᠬᠤ ᠴᠢᠬᠤᠯᠠᠳᠠᠢ᠃
ᠨᠠᠢ᠍ᠮᠠ᠂ ᠡᠨᠡᠬᠦ ᠢᠯᠡᠷᠬᠡᠢᠯᠡᠯᠳᠡ ᠵᠢ ᠬᠡᠷᠬᠢᠨ ᠰᠢᠨᠡᠴᠢᠯᠡᠬᠦ ᠵᠢᠴᠢ ᠬᠡᠷᠡᠭᠯᠡᠬᠦ ᠬᠦᠷᠢᠶ᠎ᠡ ᠬᠡᠪᠴᠢᠶ᠎ᠡ
     ᠪᠢᠳᠡ ᠠᠯᠢ ᠨᠢᠭᠡᠨ ᠴᠠᠭ ᠲᠤ᠌ ᠡᠨᠡᠬᠦ ᠢᠯᠡᠷᠬᠡᠢᠯᠡᠯᠳᠡ ᠵᠢ ᠰᠢᠨᠡᠴᠢᠯᠡᠵᠤ ᠮᠡᠳᠡᠨ᠎ᠡ᠂ ᠲᠡᠭᠡᠬᠦ ᠮᠦᠷᠳᠡᠭᠡᠨ ᠰᠢᠨᠡᠴᠢᠯᠡᠬᠦ ᠦᠶ᠎ᠡ ᠳ᠋ᠤ᠌ ᠰᠢᠰᠲ᠋ᠧᠮ ᠢ᠋ ᠤᠭᠰᠠᠷᠠᠬᠤ ᠶᠠᠪᠤᠴᠠ ᠪᠤᠶᠤ ᠺᠣᠮᠫᠠᠨᠢ ᠵᠢᠨ ᠰᠦᠯᠵᠢᠶ᠎ᠡ ᠪᠡᠷ ᠳᠠᠮᠵᠢᠭᠤᠯᠤᠨ ᠰᠢᠨᠡᠴᠢᠯᠡᠭᠰᠡᠨ ᠤ᠋ ᠳᠠᠷᠠᠭᠠᠬᠢ ᠢᠯᠡᠷᠬᠡᠢᠯᠡᠯᠳᠡ ᠵᠢ ᠲᠠᠨ ᠳ᠋ᠤ᠌ ᠬᠦᠷᠭᠡᠬᠦ ᠪᠤᠯᠤᠨ᠎ᠠ᠃ ᠡᠳᠡᠭᠡᠷ ᠰᠢᠨᠡᠴᠢᠯᠡᠯ ᠨᠢ ᠬᠦᠴᠦᠨ ᠲᠠᠢ ᠪᠣᠯᠤᠭᠰᠠᠨ ᠤ᠋ ᠳᠠᠷᠠᠭ᠎ᠠ ᠦᠢᠯᠡᠴᠢᠯᠡᠬᠡ ᠵᠢ ᠬᠡᠷᠡᠭᠯᠡᠬᠦ ᠪᠤᠶᠤ ᠡᠳᠡᠭᠡᠷ ᠵᠤᠷᠪᠤᠰ ᠢ᠋ ᠦᠨᠳᠦᠰᠦᠯᠡᠨ ᠵᠥᠪᠰᠢᠶᠡᠷᠡᠯ ᠣᠯᠭᠣᠭᠰᠠᠨ ᠳᠤᠷ᠎ᠠ ᠵᠢᠨ ᠨᠢᠭᠡᠨ ᠰᠣᠹᠲ ᠢ᠋ ᠴᠦᠮ ᠭᠡᠷᠡᠭᠯᠡᠵᠤ ᠪᠣᠯᠬᠤ ᠮᠦᠷᠳᠡᠭᠡᠨ ᠲᠠ ᠰᠢᠨ᠎ᠡ ᠵᠤᠷᠪᠤᠰ ᠢ᠋ ᠵᠥᠪᠰᠢᠶᠡᠷᠡᠭᠰᠡᠨ ᠳ᠋ᠤ᠌ ᠲᠣᠭᠠᠴᠠᠨ᠎ᠠ᠃ ᠬᠡᠷᠪᠡ ᠲᠠ ᠰᠢᠨ᠎ᠡ ᠵᠤᠷᠪᠤᠰ ᠢ᠋ ᠵᠥᠪᠰᠢᠶᠡᠷᠡᠬᠦ ᠥᠬᠡᠢ ᠪᠣᠯ᠂ ᠲᠤᠰ ᠰᠢᠰᠲ᠋ᠧᠮ ᠢ᠋ ᠬᠡᠷᠡᠭᠯᠡᠬᠦ ᠪᠡᠨ ᠵᠣᠭᠰᠣᠵᠤ᠂ ᠲᠤᠰ ᠰᠢᠰᠲᠸᠮ ᠳᠡᠭᠡᠷ᠎ᠡ ᠪᠠᠢᠭᠤᠯᠤᠭᠰᠠᠨ ᠳᠠᠩᠰᠠ ᠪᠡᠨ ᠬᠠᠭᠠᠬᠤ ᠬᠡᠷᠡᠭᠳᠡᠢ᠃ ᠬᠡᠷᠪᠡ ᠲᠠ ᠬᠠᠷᠠᠭᠠᠯᠵᠠᠨ ᠬᠠᠮᠠᠭᠠᠯᠠᠭᠴᠢ ᠪᠣᠯ᠂ ᠨᠠᠰᠤᠨ ᠳ᠋ᠤ᠌ ᠬᠦᠷᠦᠬᠡ ᠥᠬᠡᠢ ᠦᠷ᠎ᠡ ᠬᠡᠤᠬᠡᠳ ᠲᠤ᠌ ᠪᠡᠨ ᠬᠠᠪᠰᠤᠷᠴᠤ ᠳᠡᠬᠦᠨ ᠤ᠋ ᠲᠤᠰ ᠰᠢᠰᠲ᠋ᠧᠮ ᠳᠡᠭᠡᠷ᠎ᠡ ᠪᠠᠢᠭᠤᠯᠤᠭᠰᠠᠨ ᠳᠠᠩᠰᠠ ᠵᠢ ᠬᠠᠰᠤᠬᠤ ᠬᠡᠷᠡᠭᠳᠡᠢ᠃
    ᠮᠠᠨ ᠤ᠋ ᠪᠦᠬᠦᠢᠯᠡ ᠦᠢᠯᠡᠴᠢᠯᠡᠬᠡ ᠡᠨᠡᠬᠦ ᠢᠯᠡᠷᠬᠡᠢᠯᠡᠯᠳᠡ ᠵᠢ ᠬᠡᠷᠡᠭᠯᠡᠨ᠎ᠡ᠃ ᠬᠡᠪᠡᠴᠤ ᠵᠠᠷᠢᠮ ᠦᠢᠯᠡᠴᠢᠯᠡᠬᠡ ᠨᠢ ᠳᠡᠬᠦᠨ ᠤ᠋ ᠳᠤᠰᠬᠠᠢᠯᠠᠨ ᠳᠤᠭᠳᠠᠭᠠᠭᠰᠠᠨ ᠬᠤᠪᠢ ᠵᠢᠨ ᠰᠤᠷᠠᠭ ᠵᠠᠩᠬᠢ ᠬᠢᠬᠡᠳ ᠬᠤᠪᠢ ᠵᠢᠨ ᠨᠢᠭᠤᠴᠠ ᠵᠢᠨ ᠲᠥᠷᠥ ᠵᠢᠨ ᠪᠣᠳᠣᠯᠭ᠎ᠠ ᠲᠠᠢ ᠲᠤᠯᠠ ᠳᠡᠳᠡᠬᠡᠷ ᠨᠢ  ᠪᠢᠳᠡ ᠰᠤᠷᠠᠭ ᠵᠠᠩᠬᠢ ᠵᠢ ᠲᠠᠨ ᠤ᠋ ᠦᠢᠯᠡᠴᠢᠯᠡᠬᠡᠨ ᠤ᠋ ᠶᠠᠪᠤᠴᠠ ᠳ᠋ᠤ᠌ ᠬᠡᠷᠬᠢᠨ ᠰᠢᠢᠳᠪᠦᠷᠢᠯᠡᠵᠤ ᠪᠠᠢᠬᠤ ᠲᠤᠬᠠᠢ ᠤᠯᠠᠮ ᠪᠤᠳᠠᠳᠠᠢ ᠳᠤᠳᠤᠷᠬᠠᠢᠯᠠᠬᠤ ᠪᠤᠯᠤᠨ᠎ᠠ᠃ ᠬᠡᠷᠪᠡ ᠡᠨᠡᠬᠦ ᠢᠯᠡᠷᠬᠡᠢᠯᠡᠯᠳᠡ ᠨᠢ ᠳᠤᠰᠬᠠᠢ ᠳᠤᠭᠳᠠᠭᠠᠭᠰᠠᠨ ᠦᠢᠯᠡᠴᠢᠯᠡᠬᠡᠨ ᠳ᠋ᠤ᠌ ᠬᠣᠯᠪᠣᠭᠳᠠᠬᠤ ᠬᠤᠪᠢ ᠵᠢᠨ ᠰᠤᠷᠠᠭ ᠵᠠᠩᠬᠢ ᠬᠢᠬᠡᠳ ᠬᠤᠪᠢ ᠵᠢᠨ ᠨᠢᠭᠤᠴᠠ ᠵᠢᠨ ᠲᠥᠷᠥ ᠵᠢᠨ ᠪᠣᠳᠣᠯᠭ᠎ᠠ ᠲᠠᠢ ᠠᠳᠠᠯᠢ ᠪᠤᠰᠤ ᠦᠶ᠎ᠡ ᠳ᠋ᠤ᠌᠂ ᠲᠠ ᠳᠤᠰᠬᠠᠢ ᠳᠤᠭᠳᠠᠭᠠᠭᠰᠠᠨ ᠲᠥᠷᠥ ᠵᠢᠨ ᠪᠣᠳᠣᠯᠭ᠎ᠠ ᠵᠢᠡᠷ ᠪᠠᠷᠢᠮᠵᠢᠶ᠎ᠠ ᠪᠣᠯᠭᠠᠵᠤ ᠪᠤᠯᠤᠨ᠎ᠠ᠃
ᠶᠢᠰᠦ᠂ ᠮᠠᠨ ᠲᠠᠢ ᠬᠡᠷᠬᠢᠨ ᠬᠠᠷᠢᠯᠴᠠᠬᠤ
     ᠬᠡᠷᠪᠡ ᠲᠠ  ᠮᠠᠨ ᠲᠠᠢ ᠬᠠᠷᠢᠯᠴᠠᠬᠤ᠂ ᠡᠰᠡᠪᠡᠯ ᠥᠪᠡᠷ ᠤ᠋ᠨ ᠬᠣᠯᠪᠣᠭᠳᠠᠬᠤ ᠡᠷᠬᠡ ᠪᠡᠨ ᠬᠡᠷᠡᠭᠵᠢᠬᠦᠯᠬᠦ ᠵᠢ ᠬᠦᠰᠡᠪᠡᠯ᠂ ᠳᠠᠷᠠᠭᠠᠬᠢ ᠠᠷᠭ᠎ᠠ ᠪᠡᠷ ᠮᠠᠨ ᠲᠠᠢ ᠬᠠᠷᠢᠯᠴᠠᠭᠠᠷᠠᠢ᠄ contact@openkylin.top
